ᠶᠣᠪ ᠬᠣᠷᠢ
ᠽᠣᠹᠠᠷ ᠤᠨ ᠶᠠᠷᠢᠶ᠎ᠠ
1 ᠨᠠᠮ᠎ᠠ ᠬᠥᠮᠦᠨ ᠽᠣᠹᠠᠷ ᠬᠠᠷᠢᠭᠤᠯᠤᠨ᠄
2 《ᠪᠢ ᠪᠠᠴᠢᠮᠳᠠᠵᠤ ᠪᠠᠢᠨ᠎ᠠ᠂ ᠪᠣᠳᠣᠭᠰᠠᠨ ᠢᠶᠠᠨ ᠶᠠᠷᠢᠬᠤ ᠦᠭᠡᠢ ᠪᠣᠯ ᠪᠣᠯᠬᠤ ᠦᠭᠡᠢ ᠨᠢ ᠡ᠂
3 ᠨᠠᠮᠠᠶᠢ ᠭᠤᠲᠤᠭᠠᠬᠤ ᠵᠢᠮᠡᠯᠡᠯ ᠢ ᠴᠢᠨᠢ ᠪᠢ ᠰᠣᠨᠣᠰᠣᠭᠰᠠᠭᠠᠷ ᠪᠠᠢᠭᠰᠠᠨ ᠣᠳᠣ ᠪᠢ ᠰᠠᠷᠠᠭᠤᠯ ᠤᠬᠠᠭᠠᠨ ᠢᠶᠠᠷ ᠢᠶᠠᠨ ᠬᠠᠷᠢᠭᠤᠯᠤᠶ᠎ᠠ᠂
4 ᠴᠢ ᠮᠡᠳᠡᠬᠦ ᠦᠭᠡᠢ ᠤᠤ︖ ᠥᠨᠢ ᠡᠷᠲᠡ ᠬᠥᠮᠦᠨ ᠭᠠᠵᠠᠷ ᠳᠡᠭᠡᠷ᠎ᠡ ᠡᠭᠦᠰᠦᠭᠰᠡᠨ ᠡᠴᠡ ᠬᠣᠢᠰᠢ
5 ᠪᠤᠷᠤᠭᠤᠲᠠᠳ ᠤᠨ ᠪᠠᠶᠠᠰᠬᠤᠯᠠᠩ ᠪᠣᠭᠣᠨᠢ ᠬᠣᠶᠠᠷ ᠨᠢᠭᠤᠷᠲᠠᠨ ᠤ ᠪᠠᠶᠠᠷ ᠬᠣᠷᠣᠮᠬᠠᠨ ᠪᠠᠢᠭᠰᠠᠨ᠂
6 ᠥᠨᠳᠥᠷ ᠨᠢ ᠲᠩᠷᠢ ᠳᠤ ᠲᠤᠯᠵᠤ ᠲᠣᠯᠣᠭᠠᠢ ᠨᠢ ᠡᠭᠦᠯᠡᠰ ᠲᠦ ᠬᠦᠷᠲᠡᠭ ᠴᠤ
7 ᠲᠡᠷᠡ ᠪᠡᠷ ᠪᠠᠭᠠᠰᠤ ᠲᠠᠢ ᠪᠠᠨ ᠠᠳᠠᠯᠢ ᠪᠦᠷᠢᠮᠦᠰᠦᠨ ᠮᠥᠬᠥᠨ᠎ᠡ᠂ ᠲᠡᠭᠦᠨ ᠢ ᠬᠠᠷᠠᠵᠤ ᠪᠠᠢᠭᠰᠠᠨ ᠬᠥᠮᠦᠰ᠄ 〈ᠲᠡᠷᠡ ᠬᠠᠮᠢᠭ᠎ᠠ ᠪᠠᠢᠨ᠎ᠠ ᠪᠤᠢ︖〉 ᠭᠡᠬᠦ ᠪᠣᠯᠣᠨ᠎ᠠ᠂
8 ᠲᠡᠷᠡ ᠪᠡᠷ ᠵᠡᠭᠦᠳᠦ ᠰᠢᠭ ᠨᠢᠰᠦᠨ ᠣᠳᠴᠤ ᠣᠯᠳᠠᠬᠤ ᠪᠠᠨ ᠪᠣᠯᠢᠨ᠎ᠠ᠂ ᠰᠥᠨᠢ ᠶᠢᠨ ᠦᠵᠡᠭᠳᠡᠯ ᠮᠡᠲᠦ ᠵᠠᠮᠬᠠᠷᠠᠨ᠎ᠠ᠂
9 ᠲᠡᠭᠦᠨ ᠢ ᠬᠠᠷᠠᠭᠰᠠᠨ ᠨᠢᠳᠦ ᠲᠡᠭᠦᠨ ᠢ ᠳᠠᠬᠢᠨ ᠬᠠᠷᠠᠬᠤ ᠦᠭᠡᠢ᠂ ᠥᠪᠡᠷ ᠦᠨ ᠬᠢᠨᠢ ᠭᠠᠵᠠᠷ ᠲᠡᠭᠦᠨ ᠢ ᠳᠠᠬᠢᠨ ᠦᠵᠡᠬᠦ ᠦᠭᠡᠢ᠂
10 ᠦᠷ᠎ᠡ ᠬᠡᠦᠬᠡᠳ ᠤᠳ ᠨᠢ ᠶᠠᠳᠠᠭᠤᠰ ᠠᠴᠠ ᠲᠠᠭᠠᠯᠠᠯ ᠭᠤᠶᠤᠵᠤ ᠥᠪᠡᠷ ᠦᠨ ᠢᠶᠠᠨ ᠭᠠᠷ ᠢᠶᠠᠷ ᠡᠳ᠋ ᠪᠠᠶᠠᠯᠢᠭ ᠢᠶᠠᠨ ᠪᠤᠴᠠᠭᠠᠵᠤ ᠥᠭᠭᠥᠨ᠎ᠡ᠂
11 ᠵᠠᠯᠠᠭᠤ ᠨᠠᠰᠤᠨ ᠤ ᠢᠳᠡ ᠬᠦᠴᠦ ᠪᠡᠷ ᠳᠦᠭᠦᠷᠡᠩ ᠶᠠᠰᠤ ᠨᠤᠭᠤᠳ ᠨᠢ ᠥᠪᠡᠷ ᠲᠡᠢ ᠨᠢ ᠬᠠᠮᠲᠤ ᠰᠢᠷᠣᠢ ᠳᠤ ᠬᠡᠪᠲᠡᠨ᠎ᠡ᠃
12 ᠲᠡᠷᠡ ᠬᠣᠷᠣᠨ ᠮᠠᠭᠤ ᠶᠢ ᠠᠮᠠᠨ ᠳᠤᠨᠢ ᠠᠮᠲᠠᠲᠠᠢ ᠭᠡᠵᠦ ᠬᠡᠯᠡ ᠳᠣᠣᠷ᠎ᠠ ᠪᠠᠨ ᠨᠢᠭᠤᠳᠠᠭ ᠴᠤ
13 ᠬᠠᠶᠠᠵᠤ ᠶᠠᠳᠠᠨ ᠬᠠᠢᠷᠠᠯᠠᠭᠠᠳ ᠠᠮᠠᠨ ᠳᠠᠭᠠᠨ ᠬᠠᠳᠠᠭᠠᠯᠠᠳᠠᠭ ᠴᠤ
14 ᠬᠣᠭᠣᠯᠠ ᠨᠢ ᠬᠣᠳᠣᠭᠣᠳᠣᠨ ᠳᠣᠲᠣᠷ᠎ᠠ ᠨᠢ ᠬᠤᠪᠢᠷᠠᠵᠤ ᠲᠡᠭᠦᠨ ᠦ ᠳᠣᠲᠣᠷ᠎ᠠ ᠮᠣᠭᠠᠢ ᠶᠢᠨ ᠬᠣᠣᠷ ᠪᠣᠯᠣᠨ᠎ᠠ
15 ᠪᠠᠶᠠᠯᠢᠭ ᠢ ᠵᠠᠯᠭᠢᠭᠰᠠᠨ ᠴᠤ ᠪᠥᠭᠡᠯᠵᠢᠬᠦ ᠪᠣᠯᠣᠨ᠎ᠠ ᠪᠤᠷᠬᠠᠨ ᠭᠡᠳᠡᠰᠦᠨ ᠡᠴᠡ ᠨᠢ ᠲᠡᠭᠦᠨ ᠢ ᠪᠤᠯᠢᠶᠠᠨ᠎ᠠ
16 ᠲᠡᠷᠡ ᠪᠡᠷ ᠮᠣᠭᠠᠢ ᠶᠢᠨ ᠬᠣᠣᠷ ᠢ ᠰᠣᠷᠣᠨ᠎ᠠ ᠬᠣᠣᠷᠲᠤ ᠮᠣᠭᠠᠢ ᠶᠢᠨ ᠬᠡᠯᠡ ᠲᠡᠭᠦᠨ ᠢ ᠰᠥᠨᠥᠭᠡᠨ᠎ᠡ
17 ᠲᠡᠷᠡ ᠪᠡᠷ ᠵᠥᠭᠡᠢ ᠶᠢᠨ ᠪᠠᠯ᠂ ᠴᠥᠴᠥᠭᠡᠢ ᠶᠢᠨ ᠲᠣᠰᠣ ᠪᠠᠷ ᠤᠷᠤᠰᠳᠠᠭ ᠭᠣᠣᠯ ᠭᠣᠷᠣᠬ᠎ᠠ ᠶᠢ ᠬᠠᠷᠠᠬᠤ ᠦᠭᠡᠢ
18 ᠣᠯᠣᠭᠰᠠᠨ ᠢᠶᠠᠨ ᠠᠮᠰᠠᠯ ᠦᠭᠡᠢ ᠪᠤᠴᠠᠭᠠᠨ᠎ᠠ ᠠᠷᠠᠯᠵᠢᠶᠠᠨ ᠤ ᠠᠰᠢᠭ ᠢᠶᠠᠷ ᠢᠶᠠᠨ ᠪᠠᠶᠠᠰᠬᠤ ᠦᠭᠡᠢ᠂
19 ᠤᠴᠢᠷ ᠨᠢ ᠲᠡᠷᠡ ᠪᠡᠷ ᠶᠠᠳᠠᠭᠤᠰ ᠢ ᠪᠢᠴᠠᠯᠵᠤ ᠬᠠᠶᠠᠭᠰᠠᠨ ᠥᠪᠡᠷ ᠢᠶᠡᠨ ᠪᠠᠷᠢᠭ᠎ᠠ ᠦᠭᠡᠢ ᠪᠠᠢᠰᠢᠩ ᠢ ᠪᠤᠯᠢᠶᠠᠭᠰᠠᠨ ᠪᠢᠯᠡ᠃
20 ᠳᠤᠷᠠᠰᠢᠯ ᠨᠢ ᠬᠠᠨᠤᠰᠢ ᠦᠭᠡᠢ ᠳᠤᠷᠠᠲᠠᠢ ᠪᠠᠨ ᠬᠠᠳᠠᠭᠠᠯᠠᠵᠤ ᠦᠯᠦ ᠴᠢᠳᠠᠨ᠎ᠠ
21 ᠬᠣᠪᠳᠣᠭᠯᠠᠭᠰᠠᠨ ᠢᠶᠠᠷ ᠨᠢ ᠶᠠᠭᠤ ᠴᠤ ᠦᠯᠡᠳᠡᠳᠡᠭ ᠦᠭᠡᠢ ᠰᠠᠢᠨ ᠰᠠᠢᠬᠠᠨ ᠨᠢ ᠤᠳᠠᠬᠤ ᠦᠭᠡᠢ
22 ᠬᠠᠩ᠋ᠭᠠᠯᠤᠭᠤᠨ ᠪᠠᠢᠬᠤ ᠳᠤᠨᠢ ᠭᠠᠴᠢᠭᠳᠠᠯ ᠢᠷᠡᠨ᠎ᠡ ᠭᠠᠮᠰᠢᠭ ᠬᠠᠮᠤᠭ ᠬᠦᠴᠦ ᠪᠡᠷ ᠢᠶᠠᠨ ᠬᠠᠯᠳᠠᠨ ᠢᠷᠡᠨ᠎ᠡ᠂
23 ᠲᠡᠷᠡ ᠪᠡᠷ ᠭᠡᠳᠡᠰᠦ ᠪᠡᠨ ᠳᠦᠭᠦᠷᠭᠡᠬᠦ ᠭᠡᠬᠦ ᠳᠦ ᠪᠤᠷᠬᠠᠨ ᠬᠢᠯᠢᠩ ᠢᠶᠠᠨ ᠪᠠᠭᠤᠯᠭᠠᠨ᠎ᠠ ᠬᠣᠭᠣᠯᠠᠯᠠᠵᠤ ᠪᠠᠢᠬᠤ ᠳᠤᠨᠢ ᠪᠣᠷᠣᠭ᠎ᠠ ᠮᠡᠲᠦ ᠠᠰᠬᠠᠨ᠎ᠠ᠂
24 ᠬᠡᠷᠪᠡ ᠲᠡᠮᠦᠷ ᠵᠡᠪᠰᠡᠭ ᠡᠴᠡ ᠳᠠᠢᠵᠢᠪᠠᠯ ᠬᠦᠷᠡᠯ ᠰᠤᠮᠤᠨ ᠳᠤ ᠤᠨᠤᠭᠳᠠᠨ᠎ᠠ᠂
25 ᠰᠤᠮᠤ ᠶᠢ ᠨᠢᠷᠤᠭᠤᠨ ᠠᠴᠠ ᠪᠠᠨ ᠰᠤᠭᠤᠯᠪᠠᠯ ᠰᠥᠰᠥᠨ ᠡᠴᠡ ᠨᠢ ᠭᠢᠯᠠᠯᠵᠠᠭᠰᠠᠨ ᠵᠠᠪᠠ ᠭᠠᠷᠴᠤ ᠲᠡᠭᠦᠨ ᠢ ᠠᠶᠤᠯᠭᠠᠨ᠎ᠠ᠂
26 ᠲᠦᠨᠡᠷ ᠬᠠᠷᠠᠩ᠋ᠭᠤᠢ ᠨᠢ ᠲᠡᠭᠦᠨ ᠦ ᠡᠷᠳᠡᠨᠢᠰ ᠢ ᠣᠲᠣᠵᠤ ᠬᠥᠮᠦᠨ ᠦ ᠠᠰᠠᠭᠠᠭᠠ ᠦᠭᠡᠢ ᠭᠠᠯ ᠲᠡᠭᠦᠨ ᠢ ᠵᠠᠯᠭᠢᠨ ᠮᠠᠢᠬᠠᠨ ᠳᠤᠨᠢ ᠦᠯᠡᠳᠡᠭᠰᠡᠨ ᠪᠦᠬᠦᠨ ᠢ ᠰᠢᠲᠠᠭᠠᠨ᠎ᠠ᠂
27 ᠲᠩᠷᠢ ᠲᠡᠭᠦᠨ ᠦ ᠭᠡᠮ ᠪᠤᠷᠤᠭᠤ ᠶᠢ ᠢᠯᠡᠴᠢᠯᠡᠵᠦ ᠭᠠᠵᠠᠷ ᠲᠡᠭᠦᠨ ᠦ ᠡᠰᠡᠷᠭᠦ ᠪᠣᠰᠬᠤ ᠪᠣᠯᠣᠨ᠎ᠠ᠂
28 ᠭᠡᠷ ᠦᠨ ᠬᠢᠨᠢ ᠡᠳ᠋ ᠬᠥᠷᠥᠩᠭᠡ ᠪᠤᠷᠬᠠᠨ ᠤ ᠬᠢᠯᠢᠩ ᠤᠨ ᠡᠳᠦᠷ ᠤᠷᠤᠰᠴᠤ ᠠᠯᠠᠭ᠎ᠠ ᠪᠣᠯᠣᠨ᠎ᠠ᠂
29 ᠪᠤᠷᠬᠠᠨ ᠠᠴᠠ ᠵᠠᠶᠠᠭᠠᠭᠰᠠᠨ ᠲᠡᠭᠦᠨ ᠦ ᠬᠤᠪᠢ ᠪᠤᠷᠤᠭᠤᠲᠠᠨ ᠳᠤ ᠨᠣᠭᠳᠠᠭᠤᠯᠤᠭᠰᠠᠨ ᠥᠪ ᠨᠢ ᠡᠨᠡ》 ᠭᠡᠪᠡ᠃