ᠶᠣᠪ ᠬᠣᠷᠢᠨ ᠳᠥᠷᠪᠡ
1 ᠶᠠᠭᠠᠬᠢᠭᠠᠳ ᠲᠡᠭᠦᠰ ᠬᠦᠴᠦᠲᠡᠨ ᠰᠢᠭᠦᠬᠦ ᠴᠠᠭ ᠢᠶᠠᠨ ᠲᠣᠭᠲᠠᠭᠠᠳᠠᠭ ᠦᠭᠡᠢ ᠪᠤᠢ︖ ᠶᠠᠭᠠᠬᠢᠭᠠᠳ ᠲᠡᠭᠦᠨ ᠢ ᠲᠠᠨᠢᠳᠠᠭ ᠬᠥᠮᠦᠰ ᠴᠤ ᠲᠡᠭᠦᠨ ᠦ ᠡᠳᠦᠷ ᠤᠳ ᠢ ᠨᠡᠪᠲᠡ ᠬᠠᠷᠠᠵᠤ ᠴᠢᠳᠠᠳᠠᠭ ᠦᠭᠡᠢ ᠪᠤᠢ︖
2 ᠵᠠᠷᠢᠮ ᠨᠢ ᠬᠢᠯᠢ ᠶᠢᠨ ᠲᠡᠮᠳᠡᠭ ᠢ ᠰᠢᠯᠵᠢᠭᠦᠯᠵᠦ ᠬᠤᠯᠠᠭᠠᠢᠯᠠᠭᠰᠠᠨ ᠮᠠᠯ ᠢᠶᠠᠨ ᠬᠠᠷᠢᠭᠤᠯᠳᠠᠭ
3 ᠥᠨᠥᠴᠢᠨ ᠤ ᠡᠯᠵᠢᠭᠡ ᠶᠢ ᠠᠪᠠᠴᠢᠵᠤ ᠪᠡᠯᠪᠡᠰᠦᠨ ᠦ ᠦᠬᠡᠷ ᠢ ᠪᠠᠷᠢᠴᠠᠭᠠᠨ ᠳᠤ ᠠᠪᠳᠠᠭ
4 ᠳᠣᠷᠣᠢ ᠬᠥᠮᠦᠰ ᠢ ᠵᠠᠮ ᠠᠴᠠ ᠬᠥᠭᠡᠭᠡᠳᠡᠭ ᠡᠢᠮᠦ ᠡᠴᠡ ᠨᠤᠲᠤᠭ ᠤᠨ ᠶᠠᠳᠠᠭᠤᠰ ᠪᠦᠭᠦᠳᠡ ᠨᠢᠭᠤᠭᠳᠠᠳᠠᠭ᠂
5 ᠬᠠᠷ᠎ᠠ᠂ ᠶᠠᠳᠠᠭᠤᠰ ᠨᠢ ᠴᠥᠯ ᠳᠠᠬᠢ ᠬᠤᠯᠠᠨ ᠮᠡᠲᠦ ᠬᠣᠭᠣᠯᠠ ᠬᠦᠨᠡᠰᠦ ᠬᠠᠢᠳᠠᠭ ᠵᠡᠯᠢᠭᠦᠳ ᠭᠠᠵᠠᠷ ᠠᠴᠠ ᠦᠷ᠎ᠡ ᠬᠡᠦᠬᠡᠳ ᠲᠡᠭᠡᠨ ᠢᠳᠡᠭᠡᠨ ᠣᠯᠬᠤ ᠭᠡᠵᠦ ᠵᠦᠳᠡᠷᠡᠳᠡᠭ᠂
6 ᠪᠤᠰᠤᠳ ᠤᠨ ᠲᠠᠯᠠᠪᠠᠢ ᠳᠤ ᠲᠠᠷᠢᠶ᠎ᠠ ᠬᠠᠳᠤᠵᠤ ᠪᠤᠷᠤᠭᠤᠲᠠᠨ ᠤ ᠦᠵᠦᠮ ᠦᠨ ᠲᠠᠯᠠᠪᠠᠢ ᠠᠴᠠ ᠬᠠᠶᠠᠭᠳᠠᠯ ᠲᠡᠭᠦᠨ᠎ᠡ᠂
7 ᠬᠤᠪᠴᠠᠰᠤ ᠬᠤᠨᠠᠷ ᠦᠭᠡᠢ ᠬᠦᠢᠲᠡᠨ ᠳᠦ ᠨᠥᠮᠥᠷᠬᠦ ᠶᠠᠭᠤᠮ᠎ᠠ ᠦᠭᠡᠢ ᠰᠥᠨᠢ ᠶᠢ ᠨᠢᠴᠦᠭᠦᠨ ᠥᠩᠭᠡᠷᠡᠭᠦᠯᠦᠨ᠎ᠡ᠂
8 ᠬᠣᠷᠭᠣᠳᠠᠬᠤ ᠭᠠᠵᠠᠷ ᠦᠭᠡᠢ ᠲᠤᠯᠠ ᠠᠭᠤᠯᠠ ᠶᠢᠨ ᠪᠣᠷᠣᠭᠠᠨ ᠳᠤ ᠨᠣᠷᠴᠤ ᠬᠠᠳᠠ ᠴᠢᠯᠠᠭᠤ ᠲᠡᠪᠡᠷᠢᠨ᠎ᠡ᠂
9 ᠵᠠᠷᠢᠮ ᠨᠢ ᠡᠴᠢᠭᠡ ᠦᠭᠡᠢ ᠬᠡᠦᠬᠡᠳ ᠢ ᠬᠥᠬᠥᠨ ᠡᠴᠡ ᠨᠢ ᠰᠠᠯᠭᠠᠵᠤ ᠶᠠᠳᠠᠭᠤᠰ ᠠᠴᠠ ᠪᠠᠷᠢᠴᠠᠭ᠎ᠠ ᠠᠪᠬᠤ ᠭᠡᠨ᠎ᠡ᠂
10 ᠦᠭᠡᠭᠦᠴᠦᠳ ᠨᠢ ᠬᠤᠪᠴᠠᠰᠤ ᠦᠭᠡᠢ ᠨᠢᠴᠦᠭᠦᠨ ᠶᠠᠪᠤᠳᠠᠭ ᠥᠯᠥᠰᠴᠦ ᠪᠠᠢᠬᠤ ᠳᠠᠭᠠᠨ ᠴᠤ ᠶᠡᠦᠵᠢᠯᠡᠭᠰᠡᠨ ᠲᠠᠷᠢᠶ᠎ᠠ ᠡᠭᠦᠷᠴᠦ ᠪᠠᠢᠨ᠎ᠠ᠂
11 ᠲᠡᠳᠡᠨ ᠦ ᠬᠠᠰᠢᠶᠠᠨ ᠳᠤ ᠲᠣᠰᠣ ᠰᠢᠬᠠᠵᠤ ᠴᠠᠩ᠋ᠭᠠᠵᠤ ᠪᠠᠢᠬᠤ ᠳᠠᠭᠠᠨ ᠴᠤ ᠦᠵᠦᠮ ᠦᠨ ᠰᠢᠬᠠᠭᠤᠷᠭ᠎ᠠ ᠶᠢ ᠭᠢᠰᠬᠢᠵᠦ ᠪᠠᠢᠨ᠎ᠠ᠂
12 ᠬᠣᠲᠠ ᠠᠴᠠ ᠦᠬᠦᠯᠡᠭᠦᠲᠡ ᠬᠥᠮᠦᠰ ᠦᠨ ᠶᠣᠣᠯᠠᠭᠠᠨ ᠰᠢᠷᠬᠠᠲᠤᠭᠰᠠᠨ ᠬᠥᠮᠦᠰ ᠦᠨ ᠬᠠᠰᠬᠢᠷᠤᠭᠠᠨ ᠭᠠᠷᠴᠤ ᠪᠠᠢᠨ᠎ᠠ᠃ ᠬᠠᠷᠢᠨ ᠪᠤᠷᠬᠠᠨ ᠡᠨᠡ ᠪᠤᠷᠤᠭᠤ ᠶᠢ ᠣᠢᠰᠢᠶᠠᠬᠤ ᠦᠭᠡᠢ ᠪᠠᠢᠨ᠎ᠠ᠃
13 ᠭᠡᠷᠡᠯ ᠲᠡᠢ ᠳᠠᠢᠰᠤᠩᠨᠠᠭᠴᠢᠳ ᠴᠤ ᠪᠤᠢ᠂ ᠲᠡᠳᠡ ᠲᠡᠭᠦᠨ ᠦ ᠵᠠᠮ ᠢ ᠮᠡᠳᠡᠳᠡᠭ ᠦᠭᠡᠢ ᠲᠡᠭᠦᠨ ᠦ ᠬᠠᠷᠭᠤᠢ ᠳᠤ ᠪᠠᠢᠵᠤ ᠴᠢᠳᠠᠳᠠᠭ ᠦᠭᠡᠢ᠂
14 ᠠᠯᠠᠭᠤᠷᠴᠢᠨ ᠭᠡᠭᠡ ᠲᠠᠰᠤᠷᠠᠬᠤ ᠳᠤ ᠪᠣᠰᠴᠤ ᠦᠭᠡᠭᠦᠦ ᠶᠠᠳᠠᠭᠤᠰ ᠢ ᠬᠥᠨᠥᠭᠡᠵᠦ ᠰᠥᠨᠢ ᠨᠢ ᠲᠡᠷᠡ ᠬᠤᠯᠠᠭᠠᠢᠴᠢ ᠰᠢᠭ᠋ ᠪᠠᠢᠳᠠᠭ᠂
15 ᠵᠠᠪᠬᠠᠢᠷᠠᠭᠴᠢ ᠶᠢᠨ ᠨᠢᠳᠦ ᠦᠳᠡᠰᠢ ᠶᠢᠨ ᠪᠦᠷᠦᠢ ᠶᠢ ᠬᠦᠯᠢᠶᠡᠨ 〈ᠨᠠᠮᠠᠶᠢ ᠬᠠᠷᠠᠬᠤ ᠨᠢᠳᠦ ᠪᠠᠢᠬᠤ ᠦᠭᠡᠢ〉 ᠬᠡᠮᠡᠨ ᠨᠢᠭᠤᠷ ᠢᠶᠠᠨ ᠪᠦᠲᠡᠭᠡᠵᠦ
16 ᠬᠠᠷᠠᠩ᠋ᠭᠤᠢ ᠳᠤ ᠪᠠᠢᠰᠢᠩ ᠤᠷᠤᠭᠤ ᠤᠬᠤᠰᠬᠢᠨ ᠣᠷᠣᠳᠠᠭ᠂ ᠡᠳᠦᠷ ᠨᠢ ᠬᠥᠯ ᠬᠤᠷᠢᠶᠠᠳᠠᠭ ᠤᠴᠢᠷ ᠲᠡᠳᠡ ᠭᠡᠷᠡᠯ ᠢ ᠮᠡᠳᠡᠳᠡᠭ ᠦᠭᠡᠢ᠂
17 ᠥᠷᠯᠥᠭᠡ ᠨᠢ ᠲᠡᠳᠡᠨ ᠳᠦ ᠦᠬᠦᠯ ᠦᠨ ᠰᠡᠭᠦᠳᠡᠷ ᠮᠡᠲᠦ᠂ ᠲᠡᠳᠡ ᠦᠬᠦᠯ ᠦᠨ ᠰᠡᠭᠦᠳᠡᠷ ᠦᠨ ᠠᠶᠤᠮᠰᠢᠭ ᠢ ᠰᠠᠢᠨ ᠮᠡᠳᠡᠨ᠎ᠡ᠃
18 ᠬᠠᠷᠢᠨ ᠲᠡᠳᠡ ᠤᠰᠤᠨ ᠤ ᠳᠡᠭᠡᠷᠡᠬᠢ ᠬᠥᠭᠡᠰᠦ ᠮᠡᠲᠦ᠂ ᠥᠮᠴᠢ ᠨᠢ ᠭᠠᠵᠠᠷ ᠳᠡᠭᠡᠷ᠎ᠡ ᠬᠠᠷᠢᠶᠠᠭᠳᠠᠵᠤ ᠦᠵᠦᠮ ᠦᠨ ᠲᠠᠯᠠᠪᠠᠢ ᠪᠠᠷ ᠨᠢ ᠥᠩᠭᠡᠷᠡᠬᠦ ᠬᠥᠮᠦᠨ ᠦᠭᠡᠢ ᠪᠣᠯᠣᠨ᠎ᠠ᠂
19 ᠭᠠᠩ ᠤᠨ ᠬᠠᠯᠠᠭᠤᠨ ᠨᠢ ᠤᠰᠤ ᠴᠠᠰᠤ ᠶᠢ ᠰᠢᠷᠭᠢᠭᠡᠬᠦ ᠮᠡᠲᠦ ᠦᠬᠦᠭᠰᠡᠳ ᠦᠨ ᠣᠷᠣᠨ ᠨᠢᠭᠦᠯᠲᠡᠨ ᠢ ᠰᠢᠷᠭᠢᠭᠡᠨ᠎ᠡ᠂
20 ᠲᠥᠷᠥᠭᠦᠯᠦᠭᠰᠡᠨ ᠬᠡᠪᠡᠯᠢ ᠨᠢ ᠲᠡᠭᠦᠨ ᠢ ᠮᠠᠷᠲᠠᠨ᠎ᠠ ᠬᠣᠷᠣᠬᠠᠢ ᠲᠡᠭᠦᠨ ᠢ ᠬᠣᠪᠳᠣᠭᠯᠠᠨ ᠢᠳᠡᠨ᠎ᠡ᠂ ᠬᠣᠷᠣᠨ ᠮᠠᠭᠤ ᠨᠢ ᠳᠠᠬᠢᠨ ᠳᠤᠷᠠᠰᠤᠭᠳᠠᠬᠤ ᠦᠭᠡᠢ ᠪᠠᠷ ᠮᠣᠳᠣ ᠮᠡᠲᠦ ᠬᠤᠭᠤᠯᠤᠭᠳᠠᠨᠠ᠂
21 ᠲᠡᠳᠡ ᠬᠡᠭᠦᠰᠡᠷ ᠡᠮᠡᠭᠲᠡᠢ ᠳᠦ ᠮᠠᠭᠤ ᠬᠠᠨᠳᠤᠳᠠᠭ ᠪᠡᠯᠪᠡᠰᠦᠨ ᠡᠮ᠎ᠡ ᠳᠦ ᠰᠠᠢᠨ ᠢ ᠦᠢᠯᠡᠳᠳᠡᠭ ᠦᠭᠡᠢ᠃
22 ᠬᠠᠷᠢᠨ ᠪᠤᠷᠬᠠᠨ ᠬᠦᠴᠦᠲᠡᠨ ᠢ ᠥᠪᠡᠷ ᠦᠨ ᠢᠶᠠᠨ ᠬᠦᠴᠦ ᠪᠡᠷ ᠴᠢᠷᠴᠦ ᠭᠠᠷᠭᠠᠨ᠎ᠠ ᠲᠡᠷᠡ ᠪᠣᠰᠬᠤ ᠳᠤ ᠲᠡᠳᠡ ᠠᠮᠢᠳᠤ ᠦᠯᠡᠳᠡᠬᠦ ᠨᠠᠢᠳᠠᠪᠤᠷᠢ ᠦᠭᠡᠢ ᠪᠣᠯᠣᠨ᠎ᠠ᠂
23 ᠪᠤᠷᠬᠠᠨ ᠲᠡᠳᠡᠨ ᠢ ᠠᠶᠤᠯ ᠦᠭᠡᠢ ᠪᠠᠢᠯᠭᠠᠵᠤ ᠲᠡᠳᠡᠨ ᠳᠦ ᠲᠦᠰᠢᠭ ᠪᠣᠯᠵᠤ ᠲᠡᠭᠦᠨ ᠦ ᠮᠡᠯᠮᠡᠢ ᠲᠡᠳᠡᠨ ᠦ ᠵᠠᠮ ᠳᠡᠭᠡᠷ᠎ᠡ ᠪᠠᠢᠳᠠᠭ᠂
24 ᠲᠡᠳᠡ ᠲᠦᠷ ᠵᠠᠭᠤᠷ᠎ᠠ ᠡᠷᠭᠦᠮᠵᠢᠯᠡᠭᠳᠡᠭᠡᠳ ᠳᠠᠷᠠᠭ᠎ᠠ ᠨᠢ ᠠᠯᠠᠭ᠎ᠠ ᠪᠣᠯᠣᠨ᠎ᠠ ᠵᠠᠮᠪᠠ ᠴᠡᠴᠡᠭ ᠮᠡᠲᠦ ᠭᠠᠩᠳᠠᠵᠤ ᠬᠣᠷᠪᠣᠢᠬᠤ ᠪᠥᠭᠡᠳ ᠲᠠᠷᠢᠶᠠᠨ ᠲᠦᠷᠦᠭᠦᠦ ᠮᠡᠲᠦ ᠬᠠᠳᠤᠭᠳᠠᠨᠠ᠂
25 ᠬᠡᠨ ᠡᠳᠡᠭᠡᠷ ᠢ ᠲᠡᠢᠮᠦ ᠪᠢᠰᠢ ᠭᠡᠳ ᠨᠠᠮᠠᠶᠢ ᠬᠤᠳᠠᠯᠴᠢ ᠭᠡᠵᠦ ᠨᠣᠲᠠᠯᠠᠨ ᠦᠭᠡᠰ ᠢ ᠮᠢᠨᠢ ᠬᠣᠭᠣᠰᠣᠨ ᠭᠡᠬᠦ ᠪᠤᠢ︖》 ᠭᠡᠪᠡ᠃