1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠭᠤᠴᠢᠨ ᠭᠤᠷᠪᠠ
 ᠡᠯᠢᠾᠦ᠋ ᠶᠣᠪ ᠢ ᠨᠢᠴᠤᠭᠠᠪᠠ
1 ᠬᠠᠷᠢᠨ ᠲᠠ ᠮᠢᠨᠦ ᠶᠠᠷᠢᠬᠤ ᠶᠢ ᠰᠣᠨᠣᠰ᠂ ᠶᠣᠪ ᠡ᠂ ᠬᠠᠮᠤᠭ ᠦᠭᠡᠨ ᠳᠦ ᠮᠢᠨᠢ ᠴᠢᠬᠢ ᠲᠠᠯᠪᠢ᠂
2 ᠬᠠᠷᠠ᠂ ᠪᠢ ᠠᠮᠠ ᠪᠠᠨ ᠨᠡᠭᠡᠭᠡᠭᠰᠡᠨ ᠬᠡᠯᠡ ᠮᠢᠨᠢ ᠬᠥᠳᠡᠯᠵᠦ ᠪᠠᠢᠨ᠎ᠠ᠂
3 ᠦᠭᠡ ᠮᠢᠨᠢ ᠴᠢᠭ᠍ᠴᠢ ᠰᠡᠳᠬᠢᠯᠲᠡᠨ ᠦ ᠬᠢ᠂ ᠣᠷᠣᠭᠤᠯ ᠮᠢᠨᠢ ᠴᠡᠪᠡᠷ ᠮᠡᠳᠡᠯᠭᠡ ᠶᠢ ᠥᠭᠦᠯᠡᠨ᠎ᠡ᠂
4 ᠪᠤᠷᠬᠠᠨ ᠤ ᠰᠦᠨᠡᠰᠦ ᠨᠠᠮᠠᠶᠢ ᠪᠦᠲᠦᠭᠡᠭᠰᠡᠨ ᠲᠡᠭᠦᠰ ᠬᠦᠴᠦᠲᠡᠨ ᠦ ᠠᠮᠢᠰᠬᠤᠯ ᠨᠠᠳᠠ ᠳᠤ ᠠᠮᠢ ᠥᠭᠭᠥᠭᠰᠡᠨ᠂
5 ᠴᠢᠳᠠᠳᠠᠭ ᠶᠤᠮ ᠪᠣᠯ ᠬᠠᠷᠢᠭᠤᠯ ᠪᠣᠰᠣᠭᠠᠳ ᠮᠢᠨᠦ ᠡᠮᠦᠨ᠎ᠡ ᠥᠭᠦᠯᠡ᠂
6 ᠬᠠᠷᠠ᠂ ᠪᠤᠷᠬᠠᠨ ᠤ ᠡᠮᠦᠨ᠎ᠡ ᠲᠠ ᠪᠢᠳᠡ ᠬᠣᠶᠠᠭᠤᠯᠠ ᠪᠠᠨ ᠠᠳᠠᠯᠢ᠂ ᠪᠢ ᠴᠤ ᠰᠢᠪᠠᠷ ᠠᠴᠠ ᠠᠪᠤᠭᠳᠠᠭᠰᠠᠨ᠂
7 ᠬᠠᠷᠠ᠂ ᠮᠢᠨᠦ ᠰᠦᠷ ᠲᠠᠨ ᠢ ᠪᠦᠦ ᠠᠶᠤᠯᠭᠠᠭ ᠭᠠᠷ ᠮᠢᠨᠢ ᠲᠠᠨ ᠳᠤ ᠬᠦᠨᠳᠦᠳᠡᠬᠦ ᠦᠭᠡᠢ᠃

8 ᠬᠠᠷᠢᠨ ᠦᠭᠡ ᠴᠢᠨᠢ ᠮᠢᠨᠦ ᠰᠣᠨᠣᠷ ᠲᠤ ᠬᠦᠷᠦᠭᠰᠡᠨ ᠲᠠᠨ ᠤ ᠶᠠᠷᠢᠶ᠎ᠠ ᠶᠢ ᠪᠢ ᠰᠣᠨᠣᠰᠣᠭᠰᠠᠨ᠄
9 〈ᠪᠢ ᠬᠢᠯᠢᠨᠴᠡ ᠦᠭᠡᠢ ᠴᠡᠪᠡᠷ ᠭᠡᠮ ᠦᠭᠡᠢ ᠴᠠᠢᠯᠠᠭᠠᠨ᠂
10 ᠬᠠᠷᠠ᠂ ᠪᠤᠷᠬᠠᠨ ᠨᠠᠳᠠ ᠠᠴᠠ ᠰᠢᠯᠲᠠᠭ ᠣᠯᠵᠤ ᠨᠠᠮᠠᠶᠢ ᠳᠠᠢᠰᠤᠨ ᠢᠶᠠᠨ ᠭᠡᠵᠦ ᠲᠣᠭᠠᠴᠠᠨ
11 ᠬᠥᠯ ᠢ ᠮᠢᠨᠢ ᠳᠥᠩᠭᠡᠨ ᠳᠦ ᠬᠢᠵᠦ ᠬᠠᠮᠤᠭ ᠵᠠᠮ ᠮᠥᠷ ᠢ ᠮᠢᠨᠢ ᠬᠠᠷᠠᠭᠤᠯᠳᠠᠵᠤ ᠪᠠᠢᠨ᠎ᠠ〉 ᠭᠡᠵᠦ ᠪᠠᠢᠨ᠎ᠠ᠃
12 ᠬᠠᠷᠠ᠂ ᠪᠢ ᠬᠠᠷᠢᠭᠤᠯᠤᠶ᠎ᠠ ᠡᠨᠡ ᠲᠠᠯ᠎ᠠ ᠪᠠᠷ ᠲᠠ ᠵᠥᠪ ᠪᠢᠰᠢ ᠪᠤᠷᠬᠠᠨ ᠬᠥᠮᠦᠨ ᠡᠴᠡ ᠠᠭᠤᠤ ᠪᠢᠯᠡ᠃

13 〈ᠬᠥᠮᠦᠨ ᠦ ᠦᠭᠡᠨ ᠳᠦ ᠶᠡᠷᠦ ᠬᠠᠷᠢᠭᠤᠯᠬᠤ ᠦᠭᠡᠢ ᠪᠠᠢᠨ᠎ᠠ〉 ᠭᠡᠵᠦ ᠬᠡᠷᠬᠢᠨ ᠲᠠ ᠲᠡᠭᠦᠨ ᠲᠡᠢ ᠮᠡᠳᠬᠡᠯᠴᠡᠨ᠎ᠡ ᠪᠤᠢ︖
14 ᠪᠤᠷᠬᠠᠨ ᠨᠢᠭᠡ ᠤᠳᠠᠭ᠎ᠠ᠂ ᠪᠠᠰᠠ ᠨᠢᠭᠡ ᠤᠳᠠᠭ᠎ᠠ ᠬᠡᠯᠡᠭᠰᠡᠨ ᠴᠤ ᠬᠥᠮᠦᠨ ᠠᠩᠵᠠᠭᠠᠷᠠᠬᠤ ᠦᠭᠡᠢ᠂
15 ᠵᠡᠭᠦᠳᠦ ᠪᠤᠶᠤ ᠰᠥᠨᠢ ᠶᠢᠨ ᠦᠵᠡᠭᠳᠡᠯ ᠳᠣᠲᠣᠷ᠎ᠠ ᠭᠦᠨ ᠨᠣᠢᠷ ᠬᠥᠮᠦᠨ ᠢ ᠬᠤᠴᠢᠨ ᠬᠡᠪᠲᠡᠷᠢ ᠳᠡᠭᠡᠷ᠎ᠡ ᠪᠡᠨ ᠵᠡᠭᠦᠷᠮᠡᠭᠯᠡᠬᠦ ᠵᠠᠭᠤᠷ᠎ᠠ
16 ᠬᠥᠮᠦᠰ ᠦᠨ ᠴᠢᠬᠢ ᠶᠢ ᠲᠡᠷᠡ ᠨᠡᠭᠡᠭᠡᠵᠦ ᠮᠠᠭᠠᠳ ᠦᠭᠡᠢ ᠰᠠᠨᠠᠭᠤᠯᠭ᠎ᠠ ᠪᠠᠨ ᠲᠠᠮᠠᠭᠠᠯᠠᠵᠤ ᠴᠤ ᠮᠠᠭᠠᠳ ᠦᠭᠡᠢ᠂
17 ᠡᠢᠨ ᠬᠦ ᠲᠡᠷᠡ ᠪᠡᠷ ᠬᠥᠮᠦᠨ ᠢ ᠶᠠᠪᠤᠳᠠᠯ ᠠᠴᠠ ᠨᠢ ᠡᠷᠭᠢᠭᠦᠯᠦᠨ ᠰᠠᠭᠰᠠᠭᠤᠷᠠᠯ ᠠᠴᠠ ᠨᠢ ᠰᠠᠯᠭᠠᠨ
18 ᠰᠦᠨᠡᠰᠦ ᠶᠢ ᠨᠢ ᠰᠦᠢᠷᠡᠯ ᠡᠴᠡ ᠠᠮᠢ ᠶᠢ ᠨᠢ ᠢᠯᠳᠦᠨ ᠦ ᠬᠥᠨᠥᠭᠡᠯ ᠡᠴᠡ ᠬᠠᠮᠠᠭᠠᠯᠠᠨ᠎ᠠ᠃

19 ᠵᠠᠷᠢᠮ ᠨᠢ ᠣᠷᠣ ᠳᠠᠭᠠᠨ ᠪᠠᠢᠬᠤ ᠳᠤ ᠬᠡᠰᠬᠡᠭᠳᠡᠨ᠎ᠡ ᠶᠠᠰᠤ ᠨᠢ ᠶᠠᠩᠭᠢᠨᠠᠲᠠᠯ᠎ᠠ ᠡᠪᠡᠳᠬᠦ ᠳᠦ
20 ᠲᠡᠷᠡ ᠪᠡᠷ ᠬᠣᠭᠣᠯᠠᠨ ᠠᠴᠠ ᠵᠠᠯᠬᠠᠨ ᠠᠮᠲᠠᠲᠤ ᠬᠣᠭᠣᠯᠠ ᠶᠢ ᠵᠢᠭ᠍ᠰᠢᠵᠦ
21 ᠠᠷᠠᠰᠤ ᠨᠢ ᠦᠵᠡᠮᠵᠢ ᠦᠭᠡᠢ ᠦᠷᠴᠢᠢᠨ ᠳᠠᠯᠳᠠ ᠪᠠᠢᠭᠰᠠᠨ ᠶᠠᠰᠤ ᠨᠢ ᠢᠯᠡ ᠭᠠᠷᠴᠤ᠂
22 ᠰᠦᠨᠡᠰᠦ ᠨᠢ ᠰᠦᠢᠷᠡᠯ ᠳᠦ ᠠᠮᠢ ᠨᠢ ᠰᠥᠨᠥᠭᠡᠬᠦ ᠡᠯᠴᠢᠳ ᠲᠤ ᠣᠢᠷᠠᠲᠤᠬᠤ ᠪᠣᠯᠣᠨ᠎ᠠ᠃

23 ᠲᠡᠭᠡᠬᠦ ᠳᠦ ᠲᠩᠷᠢ ᠶᠢᠨ ᠮᠢᠩ᠋ᠭᠠᠨ ᠡᠯᠴᠢ ᠶᠢᠨ ᠨᠢᠭᠡ ᠬᠥᠮᠦᠨ ᠳᠦ ᠵᠥᠪ ᠢ ᠵᠢᠭᠠᠬᠤ ᠵᠠᠭᠤᠴᠢ ᠲᠡᠭᠦᠨ ᠦ ᠳᠡᠭᠡᠷ᠎ᠡ ᠪᠠᠢᠵᠤ
24 ᠪᠤᠷᠬᠠᠨ ᠨᠥᠭᠥᠭᠡ ᠬᠥᠮᠦᠨ ᠢ ᠨᠢᠭᠦᠯᠡᠰᠴᠦ 〈ᠲᠡᠭᠦᠨ ᠢ ᠰᠦᠢᠷᠡᠯ ᠳᠦ ᠤᠨᠠᠬᠤ ᠠᠴᠠ ᠠᠪᠤᠷᠠ ᠵᠣᠯᠢᠶᠠᠰᠤ ᠶᠢ ᠨᠢ ᠪᠢ ᠣᠯᠪᠠ〉 ᠭᠡᠪᠡᠯ᠂
25 ᠲᠡᠭᠦᠨ ᠦ ᠮᠢᠬᠠᠨ ᠪᠡᠶ᠎ᠡ ᠵᠠᠯᠠᠭᠤ ᠬᠥᠮᠦᠨ ᠦ ᠬᠢ ᠮᠡᠲᠦ ᠰᠡᠷᠭᠦᠵᠦ ᠲᠡᠭᠦᠨ ᠦ ᠢᠳᠡ ᠦᠶ᠎ᠡ ᠡᠷᠭᠢᠵᠦ ᠢᠷᠡᠬᠦ ᠪᠣᠯᠣᠨ᠎ᠠ᠂
26 ᠲᠡᠷᠡ ᠪᠡᠷ ᠪᠤᠷᠬᠠᠨ ᠳᠤ ᠳᠠᠭᠠᠳᠬᠠᠨ ᠲᠠᠭᠠᠯᠠᠯ ᠢ ᠨᠢ ᠣᠯᠵᠤ ᠪᠤᠷᠬᠠᠨ ᠤ ᠴᠢᠷᠠᠢ ᠶᠢ ᠬᠠᠷᠠᠭᠠᠳ ᠪᠠᠶᠠᠷᠯᠠᠨ ᠬᠠᠰᠬᠢᠷᠬᠤ ᠪᠥᠭᠡᠳ ᠪᠤᠷᠬᠠᠨ ᠵᠥᠪᠲᠦ ᠪᠠᠢᠳᠠᠯ ᠢ ᠨᠢ ᠰᠡᠷᠭᠦᠭᠡᠨ᠎ᠡ᠂
27 ᠲᠡᠷᠡ ᠪᠡᠷ ᠪᠤᠰᠤᠳ ᠤᠨ ᠡᠮᠦᠨ᠎ᠡ ᠳᠠᠭᠤᠯᠠᠨ 〈ᠪᠢ ᠭᠡᠮ ᠬᠢᠵᠦ᠂ ᠰᠢᠯᠤᠭᠤᠨ ᠢ ᠮᠤᠷᠤᠢᠯᠭᠠᠭᠰᠠᠨ ᠪᠣᠯᠪᠠᠴᠤ ᠲᠡᠷᠡ ᠪᠡᠷ ᠬᠢᠭᠰᠡᠨ ᠦ ᠮᠢᠨᠢ ᠳᠠᠭᠠᠤ ᠬᠠᠷᠢᠭᠤᠯᠤᠯ ᠦᠭᠡᠢ
28 ᠰᠦᠨᠡᠰᠦ ᠶᠢ ᠮᠢᠨᠢ ᠰᠦᠢᠷᠡᠯ ᠡᠴᠡ ᠵᠣᠯᠢᠭᠰᠠᠨ ᠳᠤ᠂ ᠠᠮᠢ ᠮᠢᠨᠢ ᠭᠡᠷᠡᠯ ᠢ ᠬᠠᠷᠠᠬᠤ ᠪᠣᠯᠣᠯ᠎ᠠ〉 ᠭᠡᠬᠦ ᠪᠣᠯᠣᠨ᠎ᠠ᠃

29 ᠬᠠᠷᠠ᠂ ᠡᠳᠡᠭᠡᠷ ᠢ ᠪᠤᠷᠬᠠᠨ ᠬᠥᠮᠦᠨ ᠳᠦ ᠬᠣᠶᠠᠷ᠂ ᠭᠤᠷᠪᠠ ᠤᠳᠠᠭ᠎ᠠ ᠦᠢᠯᠡᠳᠬᠦ ᠨᠢ
30 ᠰᠦᠨᠡᠰᠦ ᠶᠢ ᠨᠢ ᠰᠦᠢᠷᠡᠯ ᠡᠴᠡ ᠡᠷᠭᠢᠭᠦᠯᠦᠨ ᠲᠡᠭᠦᠨ ᠢ ᠠᠮᠢ ᠶᠢᠨ ᠭᠡᠷᠡᠯ ᠢᠶᠡᠷ ᠭᠡᠷᠡᠯᠲᠦᠭᠦᠯᠬᠦ ᠶᠢᠨ ᠲᠤᠯᠠᠳᠠ ᠶᠤᠮ᠃
31 ᠶᠣᠪ ᠡ᠂ ᠮᠢᠨᠦᠬᠢ ᠶᠢ ᠠᠩ᠋ᠬᠠᠷᠤᠯ ᠲᠠᠢ ᠰᠣᠨᠣᠰ ᠳᠠᠭᠤ ᠦᠭᠡᠢ ᠪᠠᠢ᠂ ᠪᠢ ᠶᠠᠷᠢᠵᠤ ᠪᠠᠢᠨ᠎ᠠ᠂
32 ᠶᠠᠷᠢᠬᠤ ᠦᠭᠡ ᠪᠠᠢᠪᠠᠯ ᠬᠠᠷᠢᠭᠤᠯᠤᠭᠠᠴᠢ ᠶᠠᠷᠢ᠂ ᠪᠢ ᠲᠠᠨ ᠢ ᠵᠥᠪᠲᠥᠭᠡᠬᠦ ᠳᠤᠷᠠᠲᠠᠢ ᠪᠠᠢᠨ᠎ᠠ᠂
33 ᠡᠰᠡ ᠪᠥᠭᠡᠰᠦ ᠳᠤᠭᠤᠢ ᠪᠠᠢ᠂ ᠮᠢᠨᠦᠬᠢ ᠶᠢ ᠰᠣᠨᠣᠰ ᠪᠢ ᠲᠠᠨ ᠳᠤ ᠮᠡᠷᠭᠡᠨ ᠤᠬᠠᠭᠠᠨ ᠢ ᠵᠢᠭᠠᠵᠤ ᠥᠭᠭᠥᠶ᠎ᠡ》 ᠭᠡᠪᠡ᠃