1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠶᠢᠰᠦ
 ᠶᠣᠪ ᠤᠨ ᠬᠠᠷᠢᠭᠤ

1 ᠲᠡᠭᠡᠬᠦ ᠳᠦ ᠶᠣᠪ ᠬᠠᠷᠢᠭᠤᠯᠤᠨ᠄
2 《ᠲᠡᠢᠮᠦ ᠡ᠂ ᠦᠭᠡ ᠴᠢᠨᠢ ᠦᠨᠡᠨ ᠭᠡᠳᠡᠭ ᠢ ᠪᠢ ᠮᠡᠳᠡᠨ᠎ᠡ ᠭᠡᠪᠡᠴᠦ ᠪᠤᠷᠬᠠᠨ ᠤ ᠡᠮᠦᠨ᠎ᠡ ᠬᠥᠮᠦᠨ ᠬᠡᠷᠬᠢᠨ ᠵᠥᠪᠲᠦ ᠪᠠᠢᠵᠤ ᠴᠢᠳᠠᠬᠤ ᠪᠢᠯᠡ︖
3 ᠬᠥᠮᠦᠨ ᠲᠡᠭᠦᠨ ᠲᠡᠢ ᠮᠠᠷᠭᠤᠬᠤ ᠶᠢ ᠬᠦᠰᠡᠭᠰᠡᠨ ᠴᠤ ᠮᠢᠩ᠋ᠭ᠎ᠠ ᠠᠴᠠ ᠭᠠᠭᠴᠠ ᠶᠢ ᠴᠤ ᠬᠠᠷᠢᠭᠤᠯᠵᠤ ᠦᠯᠦ ᠴᠢᠳᠠᠨ᠎ᠠ᠂
4 ᠪᠤᠷᠬᠠᠨ ᠮᠡᠷᠭᠡᠨ ᠤᠬᠠᠭᠠᠨ ᠲᠠᠢ᠂ ᠬᠦᠴᠦ ᠴᠢᠳᠠᠯ ᠲᠠᠢ ᠲᠡᠭᠦᠨ ᠡᠴᠡ ᠵᠥᠷᠢᠭᠦᠳᠯᠡᠭᠡᠳ ᠬᠣᠬᠢᠷᠠᠯ ᠦᠭᠡᠢ ᠥᠩᠭᠡᠷᠡᠬᠦ ᠬᠡᠨ ᠪᠠᠢᠬᠤ ᠪᠤᠢ︖
5 ᠲᠡᠷᠡ ᠪᠡᠷ ᠠᠭᠤᠯᠠᠰ ᠢ ᠮᠡᠳᠡᠬᠦ ᠦᠭᠡᠢ ᠪᠠᠢᠬᠤ ᠳᠤᠨᠢ ᠬᠥᠳᠡᠯᠭᠡᠵᠦ ᠠᠭᠤᠷ ᠢᠶᠠᠷ ᠢᠶᠠᠨ ᠲᠡᠳᠡᠨ ᠢ ᠬᠥᠮᠥᠷᠢᠭᠦᠯᠵᠦ ᠴᠢᠳᠠᠳᠠᠭ᠂
6 ᠭᠠᠵᠠᠷ ᠳᠡᠯᠡᠬᠡᠢ ᠶᠢ ᠴᠤ ᠪᠠᠢᠷᠢ ᠡᠴᠡ ᠨᠢ ᠰᠡᠭᠰᠦᠷᠴᠦ ᠪᠠᠭᠠᠨ᠎ᠠ ᠨᠤᠭᠤᠳ ᠢ ᠨᠢ ᠭᠠᠩ᠋ᠬᠤᠭᠤᠯᠵᠤ ᠴᠢᠳᠠᠳᠠᠭ᠂
7 ᠲᠡᠷᠡ ᠲᠤᠰᠢᠶᠠᠪᠠᠯ ᠨᠠᠷᠠ ᠮᠠᠨᠳᠤᠬᠤ ᠦᠭᠡᠢ ᠣᠳᠣᠳ ᠪᠢᠲᠡᠭᠦᠮᠵᠢᠯᠡᠭᠳᠡᠳᠡᠭ᠂
8 ᠲᠡᠷᠡ ᠪᠡᠷ ᠭᠠᠭᠴᠠᠭᠠᠷ ᠢᠶᠠᠨ ᠲᠩᠷᠢ ᠶᠢ ᠳᠡᠯᠭᠡᠨ ᠳᠠᠯᠠᠢ ᠶᠢᠨ ᠳᠠᠪᠠᠯᠭᠠᠨ ᠢ ᠳᠡᠪᠰᠡᠯᠡᠳᠡᠭ᠃
9 ᠲᠡᠷᠡ ᠪᠡᠷ ᠪᠠᠭᠠᠪᠠᠭᠠᠢ ᠶᠢᠨ ᠣᠷᠣᠨ᠂ ᠮᠠᠷᠠᠯ ᠤᠨ ᠣᠷᠣᠨ ᠳᠣᠯᠣᠭᠠᠨ ᠣᠳᠣ᠂ ᠡᠮᠦᠨᠡᠲᠦ ᠶᠢᠨ ᠣᠷᠣᠨ ᠨᠤᠭᠤᠳ ᠢ ᠪᠦᠲᠦᠭᠡᠭᠰᠡᠨ ᠪᠥᠭᠡᠳ
10 ᠬᠡᠮᠵᠢᠶᠡᠯᠡᠰᠢ ᠦᠭᠡᠢ ᠠᠭᠤᠤ ᠵᠦᠢᠯᠡᠰ ᠢ᠂ ᠲᠣᠭ᠎ᠠ ᠲᠣᠮᠰᠢ ᠦᠭᠡᠢ ᠭᠠᠢᠬᠠᠮᠰᠢᠭ ᠤᠳ ᠢ ᠦᠢᠯᠡᠳᠳᠡᠭ᠂
11 ᠬᠠᠷᠠ᠂ ᠲᠡᠷᠡ ᠪᠡᠷ ᠮᠢᠨᠦ ᠳᠡᠭᠡᠭᠦᠷ ᠥᠩᠭᠡᠷᠡᠭᠰᠡᠨ ᠴᠤ ᠪᠢ ᠬᠠᠷᠠᠵᠤ ᠦᠯᠦ ᠴᠢᠳᠠᠨ᠎ᠠ ᠨᠡᠪᠲᠡᠷᠡᠨ ᠥᠩᠭᠡᠷᠡᠭᠰᠡᠨ ᠴᠤ ᠪᠢ ᠮᠡᠳᠡᠷᠡᠵᠦ ᠦᠯᠦ ᠴᠢᠳᠠᠨ᠎ᠠ᠂
12 ᠲᠡᠷᠡ ᠰᠢᠭᠦᠷᠡᠬᠦ ᠳᠦ ᠬᠡᠨ ᠪᠣᠯᠢᠭᠤᠯᠵᠤ ᠴᠢᠳᠠᠬᠤ ᠪᠢᠯᠡ︖ ᠬᠡᠨ ᠲᠡᠭᠦᠨ ᠳᠦ᠄ 〈ᠲᠠ ᠶᠠᠭᠤ ᠬᠢᠵᠦ ᠪᠠᠢᠨ᠎ᠠ ᠪᠤᠢ︖〉 ᠭᠡᠵᠦ ᠬᠡᠯᠡᠵᠦ ᠴᠢᠳᠠᠬᠤ ᠪᠢᠯᠡ︖

13 ᠪᠤᠷᠬᠠᠨ ᠠᠭᠤᠷ ᠢᠶᠠᠨ ᠪᠤᠴᠠᠭᠠᠬᠤ ᠦᠭᠡᠢ᠂ ᠷᠠᠬᠠᠪ ᠤᠨ ᠲᠤᠰᠠᠯᠠᠭᠴᠢᠳ ᠲᠡᠭᠦᠨ ᠦ ᠳᠣᠣᠷ᠎ᠠ ᠪᠥᠬᠥᠢᠳᠡᠭ ᠠᠲᠠᠯ᠎ᠠ
14 ᠪᠢ ᠬᠡᠷᠬᠢᠨ ᠲᠡᠭᠦᠨ ᠳᠦ ᠬᠠᠷᠢᠭᠤᠯᠵᠤ ᠶᠠᠷᠢᠬᠤ ᠦᠭᠡ ᠣᠯᠬᠤ ᠪᠢᠯᠡ︖
15 ᠪᠢ ᠭᠡᠮ ᠦᠭᠡᠢ ᠪᠠᠢᠭᠰᠠᠨ ᠴᠤ ᠬᠠᠷᠢᠭᠤᠯᠵᠤ ᠴᠢᠳᠠᠬᠤ ᠦᠭᠡᠢ ᠰᠢᠭᠦᠭᠴᠢ ᠶᠢᠨ ᠢᠶᠠᠨ ᠥᠷᠥᠰᠢᠶᠡᠯ ᠢ ᠭᠤᠶᠤᠬᠤ ᠯᠠ ᠪᠠᠢᠬ᠎ᠠ᠂
16 ᠪᠢ ᠳᠠᠭᠤᠳᠠᠵᠤ᠂ ᠲᠡᠷᠡ ᠪᠡᠷ ᠨᠠᠳᠠ ᠳᠤ ᠬᠠᠷᠢᠭᠤᠯᠳᠠᠭ ᠪᠠᠢᠭᠰᠠᠨ ᠴᠤ ᠮᠢᠨᠦ ᠳᠠᠭᠤ ᠶᠢ ᠲᠡᠷᠡ ᠰᠣᠨᠣᠰᠣᠨ᠎ᠠ ᠭᠡᠳᠡᠭ ᠲᠦ ᠪᠢ ᠢᠲᠡᠭᠡᠵᠦ ᠴᠢᠳᠠᠬᠤ ᠦᠭᠡᠢ ᠨᠢ ᠡ᠂
17 ᠤᠴᠢᠷ ᠨᠢ ᠲᠡᠷᠡ ᠨᠠᠮᠠᠶᠢ ᠰᠢᠭᠤᠷᠭ᠎ᠠ ᠪᠠᠷ ᠬᠡᠮᠬᠡᠴᠢᠵᠦ ᠰᠢᠯᠲᠠᠭᠠᠨ ᠦᠭᠡᠢ ᠪᠠᠷ ᠰᠢᠷᠬ᠎ᠠ ᠶᠢ ᠮᠢᠨᠢ ᠣᠯᠠᠰᠢᠷᠠᠭᠤᠯᠵᠤ ᠪᠠᠢᠨ᠎ᠠ᠂
18 ᠠᠮᠢᠰᠬᠤᠭ᠎ᠠ ᠠᠪᠬᠤ ᠶᠢ ᠴᠤ ᠨᠠᠳᠠ ᠳᠤ ᠡᠰᠡ ᠵᠥᠪᠰᠢᠶᠡᠷᠡᠨ ᠤᠢ ᠭᠠᠰᠢᠭᠤ ᠪᠠᠷ ᠨᠠᠮᠠᠶᠢ ᠳᠦᠭᠦᠷᠭᠡᠵᠦ ᠪᠠᠢᠨ᠎ᠠ᠂
19 ᠴᠢᠳᠠᠯ ᠤᠨ ᠲᠠᠯ᠎ᠠ ᠪᠠᠷ ᠪᠣᠯ ᠲᠡᠷᠡ ᠦᠨᠡᠬᠡᠷ ᠬᠦᠴᠦᠷᠬᠡᠭ ᠶᠤᠮ᠂ ᠰᠢᠳᠤᠷᠭᠤ ᠶᠢᠨ ᠲᠠᠯ᠎ᠠ ᠪᠠᠷ ᠪᠣᠯ ᠬᠡᠨ ᠲᠡᠭᠦᠨ ᠢ ᠰᠢᠭᠦᠯᠲᠡ ᠳᠦ ᠳᠠᠭᠤᠳᠠᠵᠤ ᠴᠢᠳᠠᠬᠤ ᠪᠤᠢ︖
20 ᠪᠢ ᠬᠡᠳᠦᠢ ᠵᠥᠪᠲᠦ ᠭᠡᠰᠡᠨ ᠴᠤ ᠠᠮᠠ ᠮᠢᠨᠢ ᠨᠠᠮᠠᠶᠢ ᠪᠤᠷᠤᠭᠤᠳᠬᠠᠨ᠎ᠠ ᠪᠢ ᠬᠡᠳᠦᠢ ᠥ ᠦᠭᠡᠢ ᠭᠡᠰᠡᠨ ᠴᠤ ᠲᠡᠷᠡ ᠨᠠᠮᠠᠶᠢ ᠶᠠᠯᠠᠯᠠᠨ᠎ᠠ᠂
21 ᠪᠢ ᠥ ᠦᠭᠡᠢ ᠪᠠᠢᠯ᠎ᠠ ᠴᠤ ᠲᠡᠷᠡ ᠨᠢ ᠨᠠᠳᠠ ᠳᠤ ᠬᠠᠮᠢᠶ᠎ᠠ ᠦᠭᠡᠢ ᠪᠢ ᠠᠮᠢᠳᠤᠷᠠᠯ ᠠᠴᠠ ᠵᠠᠯᠬᠠᠯ᠎ᠠ᠂
22 ᠡᠨᠡ ᠪᠦᠭᠦᠳᠡ ᠢᠯᠭᠠᠭ᠎ᠠ ᠦᠭᠡᠢ ᠡᠢᠮᠦ ᠡᠴᠡ ᠪᠢ᠄ 〈ᠪᠤᠷᠬᠠᠨ ᠪᠣᠯ ᠪᠤᠷᠤᠭᠤ ᠦᠭᠡᠢ ᠶᠢ ᠴᠤ᠂ ᠪᠤᠷᠤᠭᠤ ᠲᠠᠢ ᠶᠢ ᠴᠤ ᠤᠰᠠᠳᠬᠠᠭᠴᠢ〉 ᠭᠡᠵᠦ ᠬᠡᠯᠡᠶ᠎ᠡ᠂
23 ᠭᠡᠨᠡᠳᠲᠡ ᠶᠢᠨ ᠭᠠᠮᠰᠢᠭ ᠬᠥᠮᠦᠨ ᠢ ᠬᠥᠨᠥᠭᠡᠬᠦ ᠳᠦ ᠭᠡᠮ ᠦᠭᠡᠢ ᠨᠢᠭᠡᠨ ᠦ ᠴᠥᠬᠥᠷᠡᠯ ᠢ ᠲᠡᠷᠡ ᠳᠣᠭᠣᠭᠢᠯᠠᠨ᠎ᠠ᠂
24 ᠭᠠᠵᠠᠷ ᠪᠤᠷᠤᠭᠤᠲᠠᠳ ᠤᠨ ᠭᠠᠷ ᠲᠤ ᠣᠷᠣᠬᠤ ᠳᠤ᠂ ᠰᠢᠭᠦᠭᠴᠢᠳ ᠤᠨ ᠨᠢᠳᠦ ᠶᠢ ᠲᠡᠷᠡ ᠪᠦᠲᠡᠭᠡᠳᠡᠭ᠂ ᠬᠡᠷᠪᠡ ᠲᠡᠷᠡ ᠯᠠ ᠪᠢᠰᠢ ᠪᠣᠯ ᠥᠭᠡᠷ᠎ᠡ ᠬᠡᠨ ᠲᠡᠭᠡᠬᠦ ᠪᠢᠯᠡ︖
25 ᠮᠢᠨᠦ ᠡᠳᠦᠷ ᠤᠳ ᠭᠦᠶᠦᠭᠴᠢ ᠡᠴᠡ ᠴᠤ ᠬᠤᠷᠳᠤᠨ᠂ ᠰᠠᠢᠨ ᠢ ᠦᠵᠡᠯ ᠦᠭᠡᠢ ᠥᠩᠭᠡᠷᠡᠵᠡᠢ᠂
26 ᠬᠤᠯᠤᠰᠤᠨ ᠵᠠᠪᠢ ᠮᠡᠲᠦ ᠣᠯᠵᠠ ᠤᠷᠤᠭᠤ ᠪᠠᠨ ᠳᠠᠭᠠᠷᠢᠬᠤ ᠪᠦᠷᠭᠦᠳ ᠮᠡᠲᠦ ᠣᠳᠴᠠᠢ᠂
27 ᠬᠡᠳᠦᠢᠪᠡᠷ ᠪᠢ ᠭᠣᠮᠣᠳᠠᠯ ᠢᠶᠠᠨ ᠮᠠᠷᠲᠠᠵᠤ ᠲᠥᠷᠬᠥ ᠪᠡᠨ ᠥᠭᠡᠷᠡᠴᠢᠯᠡᠵᠦ᠂ ᠢᠨᠢᠶᠡᠶ᠎ᠡ ᠭᠡᠰᠡᠨ ᠴᠤ
28 ᠡᠨᠡ ᠪᠦᠬᠦ ᠵᠣᠪᠠᠯᠠᠩ ᠠᠴᠠ ᠪᠠᠨ ᠪᠣᠯᠵᠤ ᠠᠶᠤᠵᠤ ᠯᠠ ᠪᠠᠢᠳᠠᠭ ᠲᠠ ᠨᠠᠮᠠᠶᠢ ᠭᠡᠮ ᠦᠭᠡᠢ ᠳᠦ ᠲᠣᠭᠠᠴᠠᠬᠤ ᠦᠭᠡᠢ ᠭᠡᠳᠡᠭ ᠢ ᠪᠢ ᠮᠡᠳᠡᠨ᠎ᠡ᠂
29 ᠪᠤᠷᠤᠭᠤ ᠲᠠᠢ ᠳᠤ ᠲᠣᠭᠠᠴᠠᠭᠳᠠᠬᠤ ᠶᠤᠮ ᠪᠣᠯ ᠪᠢ ᠬᠣᠭᠣᠰᠣᠨ ᠵᠢᠳᠬᠦᠬᠦ ᠶᠢᠨ ᠬᠡᠷᠡᠭ ᠶᠠᠭᠤ ᠪᠠᠢᠨ᠎ᠠ︖
30 ᠪᠡᠶ᠎ᠡ ᠪᠡᠨ ᠴᠠᠰᠤ ᠪᠠᠷ ᠤᠬᠢᠶᠠᠨ ᠭᠠᠷ ᠢᠶᠠᠨ ᠬᠤᠵᠢᠷ ᠢᠶᠠᠷ ᠴᠡᠪᠡᠷᠯᠡᠭᠰᠡᠨ ᠴᠤ
31 ᠲᠠ ᠨᠠᠮᠠᠶᠢ ᠨᠦᠬᠡᠨ ᠳᠦ ᠤᠨᠠᠭᠠᠵᠤ ᠬᠤᠪᠴᠠᠰᠤ ᠮᠢᠨᠢ ᠴᠤ ᠨᠠᠮᠠᠶᠢ ᠵᠢᠪᠡᠭᠦᠴᠡᠬᠦ ᠨᠢ ᠡ᠂
32 ᠪᠤᠷᠬᠠᠨ ᠪᠣᠯ ᠨᠠᠳᠠ ᠰᠢᠭ᠋ ᠬᠥᠮᠦᠨ ᠪᠢᠰᠢ᠂ ᠪᠢ ᠲᠡᠭᠦᠨ ᠳᠦ ᠬᠠᠷᠢᠭᠤᠯᠬᠤ ᠪᠣᠯᠣᠮᠵᠢ ᠦᠭᠡᠢ᠂ ᠪᠢᠳᠡ ᠬᠠᠮᠲᠤ ᠳᠠᠭᠠᠨ ᠰᠢᠭᠦᠯᠲᠡ ᠳᠦ ᠣᠴᠢᠬᠤ ᠪᠣᠯᠣᠮᠵᠢ ᠴᠤ ᠦᠭᠡᠢ᠂
33 ᠪᠢᠳᠡ ᠬᠣᠶᠠᠷ ᠤᠨ ᠠᠯᠢ ᠠᠯᠢᠨ ᠤ ᠬᠢᠨᠢ ᠳᠡᠭᠡᠷ᠎ᠡ ᠭᠠᠷ ᠢᠶᠠᠨ ᠲᠠᠯᠪᠢᠬᠤ ᠵᠠᠭᠤᠴᠢ ᠴᠤ ᠪᠠᠢᠬᠤ ᠦᠭᠡᠢ᠂
34 ᠲᠡᠷᠡ ᠪᠡᠷ ᠰᠢᠳᠠᠮ ᠢ ᠨᠢ 3 ᠨᠠᠳᠠ ᠠᠴᠠ ᠵᠠᠢᠯᠠᠭᠤᠯᠵᠤ ᠠᠶᠤᠮᠰᠢᠭᠲᠤ ᠵᠦᠢᠯ ᠢᠶᠠᠷ ᠨᠠᠮᠠᠶᠢ ᠲᠦᠭᠰᠢᠭᠦᠯᠬᠦ ᠶᠢ ᠨᠢ 4 ᠵᠣᠭᠰᠣᠭᠠᠬᠤ ᠴᠤ ᠪᠣᠯᠣᠭᠠᠰᠠᠢ᠂
35 ᠪᠢ ᠲᠡᠭᠦᠨ ᠡᠴᠡ ᠠᠶᠤᠬᠤ ᠦᠭᠡᠢ ᠪᠠᠷ ᠶᠠᠷᠢᠬᠤ ᠴᠤ ᠪᠣᠯᠣᠭᠠᠰᠠᠢ᠂ ᠭᠡᠪᠡᠴᠦ ᠪᠢ ᠥᠪᠡᠷ ᠢᠶᠡᠨ ᠲᠡᠭᠡᠵᠦ ᠴᠢᠳᠠᠬᠤ ᠦᠭᠡᠢ ᠨᠢ ᠡ᠃