ᠶᠣᠪ ᠨᠠᠢ᠌ᠮᠠ
ᠪᠢᠯᠳᠠᠳ᠋ ᠤᠨ ᠶᠠᠷᠢᠶ᠎ᠠ
1 ᠱᠦᠾ ᠬᠥᠮᠦᠨ ᠪᠢᠯᠳᠠᠳ᠋ ᠬᠠᠷᠢᠭᠤᠯᠤᠨ᠄
2 《ᠬᠡᠳᠦᠢ ᠤᠳᠠᠭᠠᠨ ᠴᠢ ᠡᠳᠡᠭᠡᠷ ᠢ ᠥᠭᠦᠯᠡᠭᠡᠳ ᠪᠠᠢᠬᠤ ᠪᠤᠢ︖ ᠠᠮᠠᠨ ᠤ ᠴᠢᠨᠢ ᠦᠭᠡᠰ ᠬᠦᠴᠦᠲᠦ ᠰᠠᠯᠬᠢ ᠪᠣᠯᠬᠤ ᠨᠢ ᠡ᠂
3 ᠪᠤᠷᠬᠠᠨ ᠰᠢᠳᠤᠷᠭᠤ ᠶᠢ ᠭᠠᠵᠢᠭᠤᠳᠠᠭᠤᠯᠬᠤ ᠤᠤ︖ ᠲᠡᠭᠦᠰ ᠬᠦᠴᠦᠲᠡᠨ ᠵᠥᠪ ᠢ ᠭᠠᠵᠢᠭᠤᠳᠠᠭᠤᠯᠬᠤ ᠤᠤ︖
4 ᠬᠥᠪᠡᠭᠦᠳ ᠴᠢᠨᠢ ᠲᠡᠭᠦᠨ ᠳᠦ ᠨᠢᠭᠦᠯ ᠦᠢᠯᠡᠳᠦᠭᠰᠡᠨ ᠢᠶᠡᠷ ᠲᠡᠷᠡ ᠲᠡᠳᠡᠨ ᠢ ᠭᠡᠮ ᠦᠨ ᠬᠢᠨᠢ ᠬᠦᠴᠦᠨ ᠳᠦ ᠲᠤᠰᠢᠶᠠᠭᠰᠠᠨ ᠪᠣᠯ᠂
5 ᠴᠢ ᠪᠤᠷᠬᠠᠨ ᠢ ᠬᠠᠢᠵᠤ ᠲᠡᠭᠦᠰ ᠬᠦᠴᠦᠲᠡᠨ ᠡᠴᠡ ᠲᠠᠭᠠᠯᠠᠯ ᠭᠤᠶᠤᠪᠠᠯ᠂
6 ᠴᠢ ᠴᠡᠪᠡᠷ᠂ ᠰᠢᠳᠤᠷᠭᠤ ᠪᠣᠯᠪᠠᠯ ᠣᠳᠣ ᠴᠤ ᠲᠡᠷᠡ ᠴᠢᠨᠦ ᠲᠥᠯᠥᠭᠡ ᠪᠣᠰᠴᠤ ᠭᠡᠷ ᠣᠷᠣᠨ ᠢ ᠴᠢᠨᠢ ᠴᠢᠨᠦ ᠵᠥᠪ ᠢᠶᠡᠷ ᠰᠡᠷᠭᠦᠭᠡᠨ᠎ᠡ᠂
7 ᠡᠬᠢᠯᠡᠯ ᠴᠢᠨᠢ ᠥᠴᠦᠬᠡᠨ ᠴᠤ ᠲᠡᠭᠦᠰᠬᠡᠯ ᠴᠢᠨᠢ ᠦᠯᠡᠮᠵᠢ ᠠᠭᠤᠤ ᠪᠣᠯᠣᠨ᠎ᠠ᠃
8 ᠥᠩᠭᠡᠷᠡᠭᠰᠡᠨ ᠦᠶ᠎ᠡ ᠶᠢᠨ ᠬᠢᠨ ᠡᠴᠡ ᠠᠰᠠᠭᠤ ᠡᠪᠦᠭᠡᠳ ᠦᠨ ᠬᠢᠨᠢ ᠡᠷᠢᠭᠰᠡᠨ ᠵᠦᠢᠯ ᠢ ᠠᠩ᠋ᠬᠠᠷ᠂
9 (ᠪᠢᠳᠡ ᠥᠴᠥᠭᠡᠳᠦᠷ ᠲᠥᠷᠥᠭᠰᠡᠨ ᠮᠡᠲᠦ ᠶᠠᠭᠤ ᠴᠤ ᠮᠡᠳᠡᠳᠡᠭ ᠦᠭᠡᠢ ᠭᠠᠵᠠᠷ ᠳᠡᠭᠡᠷᠡᠬᠢ ᠪᠢᠳᠡᠨ ᠦ ᠡᠳᠦᠷ ᠤᠳ ᠰᠡᠭᠦᠳᠡᠷ ᠮᠡᠲᠦ)
10 ᠲᠡᠳᠡ ᠤᠬᠠᠭᠠᠷᠠᠯ ᠤᠨ ᠢᠶᠠᠨ ᠦᠭᠡᠰ ᠢ ᠭᠠᠷᠭᠠᠨ᠂ ᠴᠢᠮ᠎ᠠ ᠳᠤ ᠰᠤᠷᠭᠠᠵᠤ ᠬᠡᠯᠡᠬᠦ ᠦᠭᠡᠢ ᠭᠡᠵᠢ ᠤᠤ︖
11 ᠨᠠᠮᠤᠭ ᠪᠠᠢᠬᠤ ᠦᠭᠡᠢ ᠭᠠᠵᠠᠷ ᠲᠤ ᠬᠤᠯᠤᠰᠤ ᠤᠷᠭᠤᠵᠤ ᠴᠢᠳᠠᠬᠤ ᠤᠤ︖ ᠤᠰᠤ ᠦᠭᠡᠢ ᠭᠠᠵᠠᠷ ᠲᠤ ᠵᠡᠭᠡᠰᠦ ᠥᠰᠴᠦ ᠴᠢᠳᠠᠬᠤ ᠤᠤ︖
12 ᠲᠡᠷᠡ ᠨᠢ ᠣᠭᠲᠣᠯᠣᠭᠳᠠᠭᠠ ᠦᠭᠡᠢ᠂ ᠨᠣᠭᠣᠭᠠᠨ ᠪᠠᠢᠭᠰᠠᠨ ᠴᠤ ᠠᠯᠢ ᠴᠤ ᠤᠷᠭᠤᠮᠠᠯ ᠠᠴᠠ ᠡᠮᠦᠨ᠎ᠡ ᠬᠠᠲᠠᠳᠠᠭ ᠠᠵᠢ᠂
13 ᠪᠤᠷᠬᠠᠨ ᠢ ᠤᠮᠠᠷᠲᠠᠭᠰᠠᠨ ᠪᠦᠬᠦ ᠬᠥᠮᠦᠨ ᠦ ᠵᠠᠮ ᠡᠭᠦᠨ ᠲᠡᠢ ᠠᠳᠠᠯᠢ ᠪᠤᠷᠬᠠᠨ ᠦᠭᠡᠢ ᠬᠥᠮᠦᠰ ᠦᠨ ᠨᠠᠢᠳᠠᠪᠤᠷᠢ ᠡᠢᠨ ᠬᠦ ᠮᠥᠬᠥᠨ᠎ᠡ᠂
14 ᠲᠡᠳᠡᠨ ᠦ ᠨᠠᠢᠳᠠᠪᠤᠷᠢ ᠬᠡᠪᠡᠷᠡᠭ ᠲᠡᠳᠡᠨ ᠦ ᠢᠲᠡᠭᠡᠯ ᠠᠭᠠᠯᠵᠢᠨ ᠤ ᠭᠡᠷ ᠶᠤᠮ᠂
15 ᠭᠡᠷ ᠢᠶᠡᠨ ᠲᠦᠰᠢᠬᠦ ᠭᠡᠰᠡᠨ ᠴᠤ ᠲᠡᠷᠡ ᠨᠢ ᠲᠣᠭᠲᠠᠬᠤ ᠦᠭᠡᠢ ᠭᠡᠷ ᠡᠴᠡ ᠪᠡᠨ ᠵᠢᠭᠤᠷᠠᠬᠤ ᠭᠡᠰᠡᠨ ᠴᠤ ᠲᠡᠷᠡ ᠨᠢ ᠳᠠᠭᠠᠭᠠᠬᠤ ᠦᠭᠡᠢ᠂
16 ᠲᠡᠳᠡᠭᠡᠷ ᠤᠷᠭᠤᠮᠠᠯ ᠨᠠᠷᠠᠨ ᠳᠤ ᠴᠡᠴᠡᠭᠯᠡᠵᠦ ᠮᠥᠴᠢᠷ ᠨᠢ ᠴᠡᠴᠡᠷᠯᠢᠭ ᠤᠨ ᠳᠡᠭᠡᠭᠦᠷ ᠰᠤᠨᠵᠤ
17 ᠦᠨᠳᠦᠰᠦ ᠨᠢ ᠴᠢᠯᠠᠭᠤ ᠨᠤᠭᠤᠳ ᠢ ᠣᠷᠢᠶᠠᠵᠤ ᠬᠠᠳᠠᠨ ᠵᠠᠪᠰᠠᠷ ᠢᠶᠠᠷ ᠭᠠᠷᠤᠭᠰᠠᠨ ᠴᠤ
18 ᠪᠠᠢᠷᠢ ᠡᠴᠡ ᠪᠡᠨ ᠰᠤᠭᠤᠯᠤᠭᠳᠠᠬᠤ ᠳᠤ ᠪᠠᠢᠭᠰᠠᠨ ᠭᠠᠵᠠᠷ ᠨᠢ ᠴᠤ ᠲᠡᠭᠦᠨ ᠢ ᠣᠭᠣᠷᠴᠤ 〈ᠪᠢ ᠴᠢᠮᠠᠶᠢ ᠣᠭᠲᠣ ᠬᠠᠷᠠᠭ᠎ᠠ ᠦᠭᠡᠢ〉 ᠭᠡᠨ᠎ᠡ᠂
19 ᠬᠠᠷ᠎ᠠ᠂ ᠲᠡᠭᠦᠨ ᠦ ᠵᠠᠮ ᠤᠨ ᠪᠠᠶᠠᠷ ᠪᠠᠶᠠᠰᠬᠤᠯᠠᠩ ᠨᠢ ᠡᠨᠡ᠂ ᠬᠥᠷᠥᠰᠥᠨ ᠡᠴᠡ ᠨᠢ ᠥᠭᠡᠷ᠎ᠡ ᠶᠠᠭᠤᠮ᠎ᠠ ᠤᠷᠭᠤᠨ᠎ᠠ᠃
20 ᠬᠠᠷ᠎ᠠ᠂ ᠪᠤᠷᠬᠠᠨ ᠥ ᠦᠭᠡᠢ ᠬᠥᠮᠦᠨ ᠢ ᠣᠭᠣᠷᠬᠤ ᠦᠭᠡᠢ ᠪᠤᠷᠤᠭᠤᠲᠠᠨ ᠤ ᠭᠠᠷ ᠠᠴᠠ ᠪᠠᠷᠢᠬᠤ ᠦᠭᠡᠢ᠃
21 ᠬᠣᠵᠢᠮ ᠲᠡᠷᠡ ᠠᠮᠠ ᠶᠢ ᠴᠢᠨᠢ ᠢᠨᠢᠶᠡᠳᠦ ᠪᠡᠷ ᠣᠷᠣᠭᠤᠯ ᠢ ᠴᠢᠨᠢ ᠪᠠᠶᠠᠷ ᠤᠨ ᠳᠠᠭᠤᠤ ᠪᠠᠷ ᠳᠦᠭᠦᠷᠭᠡᠨ᠎ᠡ᠃
22 ᠴᠢᠮᠠᠶᠢ ᠵᠢᠭ᠍ᠰᠢᠭ᠍ᠴᠢᠳ ᠰᠢᠪᠰᠢᠭ ᠪᠣᠯᠵᠤ ᠪᠤᠷᠤᠭᠤᠲᠠᠳ ᠤᠨ ᠮᠠᠢᠬᠠᠨ ᠠᠯᠠᠭ᠎ᠠ ᠪᠣᠯᠣᠨ᠎ᠠ》 ᠭᠡᠪᠡ᠃