ᠶᠣᠪ ᠠᠷᠪᠠᠨ ᠨᠠᠢ᠌ᠮᠠ
ᠪᠢᠯᠳᠠᠳ᠋ ᠤᠨ ᠶᠠᠷᠢᠶ᠎ᠠ
1 ᠱᠦᠾ ᠬᠥᠮᠦᠨ ᠪᠢᠯᠳᠠᠳ᠋ ᠬᠠᠷᠢᠭᠤᠯᠵᠤ᠄
2 《ᠲᠠ ᠨᠠᠷ ᠬᠡᠳᠦᠢ ᠪᠣᠯᠲᠠᠯ᠎ᠠ ᠦᠭᠡ ᠬᠥᠭᠡᠭᠡᠴᠡᠯᠳᠦᠬᠦ ᠶᠤᠮ ᠪᠤᠢ︖ ᠪᠣᠳᠣᠭᠠᠳ ᠦᠵᠡ᠂ ᠳᠠᠷᠠᠭ᠎ᠠ ᠨᠢ ᠪᠢᠳᠡ ᠶᠠᠷᠢᠯᠴᠠᠶ᠎ᠠ᠂
3 ᠶᠠᠭᠠᠬᠢᠭᠠᠳ ᠴᠢ ᠪᠢᠳᠡᠨ ᠢ ᠠᠷᠢᠶᠠᠲᠠᠨ ᠮᠡᠲᠦ ᠲᠣᠭᠠᠴᠠᠨ ᠡᠷᠭᠢᠭᠦᠦ ᠬᠥᠮᠦᠨ ᠮᠡᠲᠦ ᠦᠵᠡᠳᠡᠭ ᠪᠤᠢ︖
4 ᠠᠭᠤᠷ ᠲᠠᠭᠠᠨ ᠥᠪᠡᠷ ᠢ ᠪᠠᠨ ᠲᠠᠰᠤᠳᠠᠳᠠᠭ ᠴᠢ ᠴᠢᠨᠦ ᠲᠥᠯᠥᠭᠡ ᠳᠡᠯᠡᠬᠡᠢ ᠣᠷᠬᠢᠭᠳᠠᠵᠤ ᠬᠠᠳᠠ ᠪᠠᠢᠷᠢ ᠡᠴᠡ ᠪᠡᠨ ᠰᠢᠯᠵᠢᠬᠦ ᠪᠣᠯᠵᠤ ᠪᠠᠢᠨ᠎ᠠ ᠤᠤ︖
5 ᠪᠤᠷᠤᠭᠤᠲᠠᠳ ᠤᠨ ᠭᠡᠷᠡᠯ ᠵᠠᠪᠠᠯ ᠪᠥᠬᠥᠵᠦ ᠭᠠᠯ ᠤᠨ ᠳᠥᠯᠥ ᠨᠢ ᠭᠡᠷᠡᠯᠲᠦᠬᠦ ᠦᠭᠡᠢ᠂
6 ᠭᠡᠷ ᠦᠨ ᠬᠢᠨᠢ ᠭᠡᠷᠡᠯ ᠬᠠᠷᠠᠩ᠋ᠭᠤᠢᠯᠠᠵᠤ ᠳᠡᠭᠡᠷᠡᠬᠢ ᠳ᠋ᠧᠩ ᠨᠢ ᠪᠥᠬᠥᠨᠡ᠂
7 ᠵᠣᠯᠪᠣᠭᠠᠲᠤ ᠠᠯᠬᠤᠭ᠎ᠠ ᠨᠢ ᠰᠠᠭᠠᠷᠠᠵᠤ ᠵᠠᠯᠢ ᠮᠡᠬᠡᠨ ᠳᠡᠭᠡᠨ ᠰᠦᠢᠷᠡᠨ᠎ᠡ᠂
8 ᠲᠡᠷᠡ ᠪᠡᠷ ᠬᠠᠪᠬᠠᠨ ᠳᠡᠭᠡᠷ᠎ᠡ ᠠᠯᠬᠤᠵᠤ ᠬᠥᠯ ᠢᠶᠡᠨ ᠲᠣᠣᠷ ᠲᠤ ᠣᠷᠣᠭᠤᠯᠤᠨ᠎ᠠ᠂
9 ᠵᠠᠩ᠋ᠭᠤᠤ ᠥᠰᠥᠭᠡᠢ ᠡᠴᠡ ᠨᠢ ᠵᠢᠭᠤᠷᠠᠵᠤ ᠤᠷᠠᠬ᠎ᠠ ᠲᠡᠭᠦᠨ ᠢ ᠪᠠᠷᠢᠨ᠎ᠠ᠂
10 ᠲᠡᠭᠦᠨ ᠢ ᠪᠠᠷᠢᠬᠤ ᠪᠠᠷ ᠴᠠᠯᠮ᠎ᠠ ᠭᠠᠵᠠᠷ ᠲᠤ ᠨᠢᠭᠤᠭᠳᠠᠵᠤ ᠲᠡᠭᠦᠨ ᠦ ᠵᠠᠮ ᠳᠠᠬᠢ ᠪᠤᠭᠤᠢᠯᠢ ᠪᠣᠯᠣᠨ᠎ᠠ᠃
11 ᠠᠶᠤᠮᠰᠢᠭᠲᠤ ᠵᠦᠢᠯᠡᠰ ᠲᠠᠯ᠎ᠠ ᠪᠦᠷᠢ ᠡᠴᠡ ᠨᠢ ᠠᠶᠤᠯᠭᠠᠵᠤ ᠠᠯᠬᠤᠮ ᠪᠦᠷᠢ ᠶᠢ ᠨᠢ ᠮᠥᠷᠳᠡᠨ᠎ᠡ᠂
12 ᠭᠠᠢ ᠲᠡᠭᠦᠨ ᠢ ᠬᠦᠰᠡᠵᠦ ᠭᠠᠮᠰᠢᠭ ᠬᠠᠵᠠᠭᠤ ᠳᠤᠨᠢ ᠬᠦᠯᠢᠶᠡᠭᠰᠡᠭᠡᠷ
13 ᠠᠷᠠᠰᠤ ᠨᠢ ᠡᠪᠡᠳᠴᠢᠨ ᠳᠤ ᠢᠳᠡᠭᠳᠡᠨᠡ᠂ ᠦᠶ᠎ᠡ ᠮᠥᠴᠢ ᠨᠢ ᠦᠬᠦᠯ ᠦᠨ ᠲᠦᠷᠦᠭᠦᠦ ᠳᠦ ᠢᠳᠡᠭᠳᠡᠨᠡ᠂
14 ᠠᠶᠤᠯ ᠦᠭᠡᠢ ᠮᠠᠢᠬᠠᠨ ᠠᠴᠠ ᠪᠠᠨ ᠲᠡᠷᠡ ᠲᠠᠰᠤᠯᠤᠭᠳᠠᠨ ᠠᠶᠤᠮᠰᠢᠭ ᠤᠨ ᠬᠠᠭᠠᠨ ᠤ ᠡᠮᠦᠨ᠎ᠡ ᠠᠪᠠᠴᠢᠭᠳᠠᠨ᠎ᠠ᠂
15 ᠣᠷᠣᠨ ᠭᠡᠷ ᠲᠤᠨᠢ ᠲᠡᠭᠦᠨ ᠦ ᠭᠡᠬᠦ ᠶᠠᠭᠤᠮ᠎ᠠ ᠦᠯᠡᠳᠡᠬᠦ ᠦᠭᠡᠢ ᠰᠠᠭᠤᠭᠰᠠᠨ ᠨᠤᠲᠤᠭ ᠲᠤᠨᠢ ᠬᠦᠬᠦᠷ ᠰᠠᠴᠤᠭᠳᠠᠨ᠎ᠠ᠂
16 ᠳᠣᠣᠷ᠎ᠠ ᠠᠴᠠ ᠨᠢ ᠲᠡᠭᠦᠨ ᠦ ᠦᠨᠳᠦᠰᠦ ᠬᠠᠲᠠᠵᠤ ᠳᠡᠭᠡᠷ᠎ᠡ ᠡᠴᠡ ᠨᠢ ᠲᠡᠭᠦᠨ ᠦ ᠮᠥᠴᠢᠷ ᠭᠠᠩᠳᠠᠨ᠎ᠠ᠂
17 ᠲᠡᠭᠦᠨ ᠦ ᠳᠤᠷᠠᠰᠤᠮᠵᠢ ᠭᠠᠵᠠᠷ ᠠᠴᠠ ᠠᠷᠢᠯᠵᠤ ᠲᠡᠭᠦᠨ ᠦ ᠨᠡᠷ᠎ᠡ ᠭᠤᠳᠤᠮᠵᠢᠨ ᠳᠤ ᠦᠯᠡᠳᠡᠬᠦ ᠦᠭᠡᠢ᠂
18 ᠲᠡᠷᠡ ᠪᠡᠷ ᠭᠡᠷᠡᠯ ᠡᠴᠡ ᠬᠠᠷᠠᠩ᠋ᠭᠤᠢ ᠤᠷᠤᠭᠤ ᠬᠥᠭᠡᠭᠡᠭᠳᠡᠵᠦ ᠳᠡᠯᠡᠬᠡᠢ ᠡᠴᠡ ᠴᠥᠯᠡᠭᠳᠡᠨ᠎ᠡ᠂
19 ᠥᠪᠡᠷ ᠦᠨ ᠢᠶᠠᠨ ᠠᠷᠠᠳ ᠲᠦᠮᠡᠨ ᠦ ᠳᠤᠮᠳᠠ ᠦᠷ᠎ᠡ ᠴᠤ ᠦᠭᠡᠢ᠂ ᠤᠳᠤᠮ ᠴᠤ ᠦᠭᠡᠢ᠂ ᠰᠠᠭᠤᠵᠤ ᠪᠠᠢᠭᠰᠠᠨ ᠨᠤᠲᠤᠭ ᠲᠤᠨᠢ ᠶᠠᠭᠤ ᠴᠤ ᠦᠯᠡᠳᠡᠬᠦ ᠦᠭᠡᠢ᠂
20 ᠰᠦᠢᠷᠡᠭᠰᠡᠨ ᠡᠳᠦᠷ ᠲᠤᠨᠢ ᠥᠷᠥᠨ᠎ᠡ ᠶᠢᠨ ᠬᠢᠨ ᠰᠣᠴᠢᠪᠠ ᠳᠣᠷᠣᠨ᠎ᠠ ᠶᠢᠨ ᠬᠢᠨ ᠲᠦᠭᠰᠢᠪᠡ᠂
21 ᠪᠤᠷᠤᠭᠤᠲᠠᠨ ᠤ ᠰᠠᠭᠤᠳᠠᠭ ᠭᠠᠵᠠᠷ ᠨᠢ ᠡᠢᠮᠦ ᠪᠤᠷᠬᠠᠨ ᠢ ᠮᠡᠳᠡᠳᠡᠭ ᠦᠭᠡᠢ ᠬᠥᠮᠦᠨ ᠦ ᠣᠷᠣᠨ ᠨᠢ ᠡᠨᠡ ᠪᠤᠶᠤ》 ᠭᠡᠪᠡ᠃