ᠶᠣᠪ ᠭᠤᠷᠪᠠ
ᠶᠣᠪ ᠠᠮᠠ ᠪᠠᠨ ᠨᠡᠭᠡᠭᠡᠪᠡ
1 ᠡᠭᠦᠨ ᠦ ᠳᠠᠷᠠᠭ᠎ᠠ ᠶᠣᠪ ᠠᠮᠠ ᠪᠠᠨ ᠨᠡᠭᠡᠭᠡᠵᠦ᠂ ᠥᠪᠡᠷ ᠦᠨ ᠢᠶᠠᠨ ᠲᠥᠷᠥᠭᠰᠡᠨ ᠡᠳᠦᠷ ᠢ ᠬᠠᠷᠢᠶᠠᠪᠠ᠃ 2 ᠶᠣᠪ ᠬᠠᠷᠢᠭᠤᠯᠤᠨ᠄
3 《ᠮᠢᠨᠦ ᠲᠥᠷᠥᠭᠰᠡᠨ ᠡᠳᠦᠷ 〈ᠬᠥᠪᠡᠭᠦᠨ ᠵᠢᠷᠮᠦᠰᠦᠯᠡᠪᠡ〉 ᠭᠡᠰᠡᠨ ᠰᠥᠨᠢ ᠰᠥᠨᠥᠭᠰᠡᠨ ᠴᠤ ᠪᠣᠯᠣᠭᠠᠰᠠᠢ᠂
4 ᠲᠡᠷᠡ ᠡᠳᠦᠷ ᠬᠠᠷᠠᠩ᠋ᠭᠤᠢ ᠪᠠᠢᠵᠤ᠂ ᠲᠡᠭᠦᠨ ᠳᠦ ᠳᠡᠭᠡᠷ᠎ᠡ ᠪᠤᠢ ᠪᠤᠷᠬᠠᠨ ᠰᠠᠨᠠᠭ᠎ᠠ ᠦᠯᠦ ᠲᠠᠯᠪᠢᠵᠤ ᠲᠡᠭᠦᠨ ᠳᠡᠭᠡᠷ᠎ᠡ ᠭᠡᠷᠡᠯ ᠦᠯᠦ ᠲᠤᠰᠤᠭᠰᠠᠨ ᠴᠤ ᠪᠣᠯᠣᠭᠠᠰᠠᠢ᠂
5 ᠲᠡᠷᠡ ᠡᠳᠦᠷ ᠢ ᠬᠠᠷᠠᠩ᠋ᠭᠤᠢ᠂ ᠭᠦᠨ ᠰᠡᠭᠦᠳᠡᠷ ᠠᠪᠴᠤ ᠡᠭᠦᠯᠡ ᠪᠦᠷᠬᠦᠵᠦ ᠬᠠᠷᠠᠩ᠋ᠭᠤᠢ ᠨᠢ ᠠᠶᠤᠯᠭᠠᠭᠰᠠᠨ ᠴᠤ ᠪᠣᠯᠣᠭᠠᠰᠠᠢ᠂
6 ᠲᠡᠷᠡ ᠰᠥᠨᠢ ᠲᠦᠨᠡᠷ ᠬᠠᠷᠠᠩ᠋ᠭᠤᠢ ᠳᠤ ᠪᠠᠷᠢᠭᠳᠠᠵᠤ ᠲᠡᠷᠡ ᠵᠢᠯ ᠤᠨ ᠠᠯᠢ ᠨᠢᠭᠡ ᠡᠳᠦᠷ ᠠᠯᠢ ᠨᠢᠭᠡ ᠰᠠᠷ᠎ᠠ ᠶᠢᠨ ᠲᠣᠭᠠᠨ ᠳᠤ ᠦᠯᠦ ᠣᠷᠣᠭᠰᠠᠨ ᠴᠤ ᠪᠣᠯᠣᠭᠠᠰᠠᠢ᠂
7 ᠥ᠂ ᠲᠡᠷᠡ ᠰᠥᠨᠢ ᠬᠡᠭᠦᠰᠡᠷ ᠪᠣᠯᠣᠭᠠᠳ ᠬᠥᠭᠵᠢᠯᠳᠦᠬᠦ ᠴᠢᠮᠡᠭᠡ ᠭᠠᠷᠬᠤ ᠦᠭᠡᠢ ᠪᠠᠢᠭᠰᠠᠨ ᠴᠤ ᠪᠣᠯᠣᠭᠠᠰᠠᠢ᠂
8 ᠠᠪᠤᠷᠭᠤ ᠮᠠᠩ᠋ᠭᠤᠰ ᠢ ᠴᠤ ᠥᠳᠥᠭᠡᠬᠦ ᠴᠢᠳᠠᠪᠤᠷᠢ ᠲᠠᠢ ᠡᠳᠦᠷ ᠢ ᠬᠠᠷᠢᠶᠠᠭᠴᠢᠳ ᠲᠡᠷᠡ ᠰᠥᠨᠢ ᠶᠢ ᠬᠠᠷᠢᠶᠠᠭᠰᠠᠨ ᠴᠤ ᠪᠣᠯᠣᠭᠠᠰᠠᠢ᠂
9 ᠲᠡᠷᠡ ᠰᠥᠨᠢ ᠦᠷ ᠦᠨ ᠣᠳᠣᠳ ᠬᠠᠷᠠᠩ᠋ᠭᠤᠢᠯᠠᠵᠤ ᠭᠡᠷᠡᠯ ᠢ ᠬᠦᠰᠡᠪᠡᠴᠦ ᠦᠯᠦ ᠣᠯᠳᠠᠵᠤ ᠥᠷᠯᠥᠭᠡ ᠶᠢᠨ ᠭᠡᠭᠡ ᠦᠯᠦ ᠦᠵᠡᠭᠳᠡᠭᠰᠡᠨ ᠴᠤ ᠪᠣᠯᠣᠭᠠᠰᠠᠢ᠃
10 ᠭᠡᠪᠡᠴᠦ ᠲᠡᠷᠡ ᠰᠥᠨᠢ ᠡᠬᠡ ᠶᠢᠨ ᠮᠢᠨᠢ ᠬᠡᠪᠡᠯᠢ ᠶᠢᠨ ᠠᠮᠠᠰᠠᠷ ᠢ ᠦᠯᠦ ᠬᠠᠭᠠᠪᠠ ᠨᠢᠳᠦᠨ ᠡᠴᠡ ᠮᠢᠨᠢ ᠴᠤ ᠵᠣᠪᠠᠯᠠᠩ ᠢ ᠦᠯᠦ ᠨᠢᠭᠤᠪᠠ᠃
11 ᠶᠠᠭᠠᠬᠢᠭᠠᠳ ᠪᠢ ᠲᠥᠷᠥᠬᠦ ᠳᠡᠭᠡᠨ ᠦᠬᠦᠭᠡ ᠦᠭᠡᠢ ᠬᠡᠪᠡᠯᠢ ᠡᠴᠡ ᠭᠠᠷᠬᠤ ᠳᠠᠭᠠᠨ ᠡ᠊ᠨᠳᠡᠭᠡ ᠦᠭᠡᠢ ᠪᠤᠢ︖
12 ᠶᠠᠭᠠᠬᠢᠭᠠᠳ ᠡᠪᠦᠳᠦᠭ ᠨᠢ ᠨᠠᠮᠠᠶᠢ ᠬᠦᠯᠢᠶᠡᠨ ᠠᠪᠤᠪᠠ ᠡ︖ ᠬᠥᠬᠥ ᠨᠢ ᠨᠠᠮᠠᠶᠢ ᠬᠥᠬᠥᠭᠦᠯᠪᠡ︖
13 ᠣᠳᠣ ᠪᠢ ᠠᠨᠢᠷ ᠦᠭᠡᠢ ᠬᠡᠪᠲᠡᠭᠡᠳ ᠠᠮᠤᠷ ᠲᠠᠢᠪᠤᠩ ᠨᠣᠢᠷᠰᠣᠵᠤ ᠪᠠᠢᠬᠤ ᠪᠠᠢᠭᠰᠠᠨ᠂
14 ᠬᠣᠵᠢᠮ ᠨᠤᠷᠠᠩ᠋ᠭᠢ ᠪᠣᠯᠬᠤ ᠬᠣᠲᠠ ᠪᠠᠢᠭᠤᠯᠤᠭᠰᠠᠨ ᠭᠠᠵᠠᠷ ᠤᠨ ᠬᠠᠭᠠᠳ᠂ ᠵᠥᠪᠯᠡᠭᠴᠢᠳ ᠤᠨ ᠬᠠᠮᠲᠤ᠂
15 ᠠᠯᠲᠠ ᠲᠠᠢ ᠪᠥᠭᠡᠳ ᠮᠥᠩᠭᠥ ᠪᠡᠷ ᠭᠡᠷ ᠢᠶᠡᠨ ᠳᠦᠭᠦᠷᠭᠡᠭᠰᠡᠨ ᠨᠣᠶᠠᠳ ᠲᠠᠢ ᠬᠠᠮᠲᠤ᠂
16 ᠡᠰᠡᠪᠡᠯ ᠲᠥᠷᠥᠭᠡ ᠦᠭᠡᠢ ᠬᠠᠶᠠᠭᠳᠠᠭᠰᠠᠨ ᠦᠷ᠎ᠡ᠂ ᠭᠡᠷᠡᠯ ᠦᠵᠡᠭᠡ ᠦᠭᠡᠢ ᠬᠡᠦᠬᠡᠳ ᠰᠢᠭ ᠨᠣᠢᠷᠰᠣᠬᠤ ᠪᠠᠢᠭᠰᠠᠨ᠂
17 ᠤᠴᠢᠷ ᠨᠢ ᠲᠡᠨᠳᠡ ᠪᠤᠷᠤᠭᠤᠲᠠᠨ ᠦᠢᠮᠡᠭᠦᠯᠬᠦ ᠪᠡᠨ ᠪᠣᠯᠢᠵᠤ ᠡᠴᠡᠭᠰᠡᠨ ᠬᠥᠮᠦᠨ ᠠᠮᠠᠷᠠᠨ᠎ᠠ᠂
18 ᠬᠣᠷᠢᠭᠳᠠᠯ ᠤᠳ ᠴᠤ ᠲᠠᠢᠪᠤᠩ ᠪᠠᠢᠵᠤ ᠬᠠᠷᠠᠭᠠᠯᠵᠠᠭᠴᠢ ᠶᠢᠨ ᠬᠠᠰᠬᠢᠷᠬᠤ ᠳᠠᠭᠤ ᠶᠢ ᠰᠣᠨᠣᠰᠬᠤ ᠦᠭᠡᠢ᠂
19 ᠲᠡᠨᠳᠡ ᠶᠡᠬᠡᠰ ᠳᠣᠣᠷᠠᠳᠤᠰ ᠤᠨ ᠢᠯᠭᠠᠭ᠎ᠠ ᠦᠭᠡᠢ ᠪᠣᠭᠣᠯ ᠡᠵᠡᠨ ᠡᠴᠡ ᠪᠡᠨ ᠴᠢᠯᠥᠭᠡᠯᠡᠭᠳᠡᠭᠰᠡᠨ ᠪᠠᠢᠳᠠᠭ᠃
20 ᠶᠠᠭᠠᠬᠢᠭᠠᠳ ᠪᠤᠷᠬᠠᠨ ᠭᠤᠨᠢᠬᠤ ᠬᠥᠮᠦᠨ ᠳᠦ ᠭᠡᠷᠡᠯ ᠭᠠᠰᠢᠭᠤᠳᠠᠬᠤ ᠬᠥᠮᠦᠨ ᠳᠦ ᠠᠮᠢ ᠥᠭᠭᠥᠭᠰᠡᠨ ᠪᠣᠯ︖
21 ᠲᠡᠳᠡ ᠦᠬᠦᠯ ᠢ ᠬᠦᠰᠡᠭᠰᠡᠨ ᠴᠤ ᠲᠡᠷᠡ ᠨᠢ ᠢᠷᠡᠳᠡᠭ ᠦᠭᠡᠢ ᠪᠥᠭᠡᠳ ᠡᠷᠳᠡᠨᠢᠰ ᠡᠴᠡ ᠴᠤ ᠢᠯᠡᠭᠦᠦ ᠪᠡᠷ ᠡᠷᠢᠵᠦ ᠪᠠᠢᠭᠠᠳ
22 ᠪᠤᠯᠠᠰᠢ ᠳᠠᠭᠠᠨ ᠬᠦᠷᠪᠡᠯ ᠪᠠᠶᠠᠷᠯᠠᠨ ᠪᠠᠶᠠᠰᠤᠨ᠎ᠠ᠂
23 ᠶᠠᠭᠠᠬᠢᠭᠠᠳ ᠪᠤᠷᠬᠠᠨ ᠬᠥᠮᠦᠨ ᠳᠦ ᠠᠮᠢ ᠶᠢ ᠥᠭᠭᠥᠭᠰᠡᠨ ᠮᠥᠷᠲᠡᠯ᠎ᠡ ᠪᠡᠨ ᠵᠠᠮ ᠢ ᠨᠢ ᠨᠢᠭᠤᠵᠤ ᠳᠠᠯᠳᠠᠯᠠᠪᠠ︖
24 ᠪᠢ ᠬᠣᠭᠣᠯᠠ ᠢᠳᠡᠬᠦ ᠶᠢᠨ ᠣᠷᠣᠨ ᠳᠤ ᠰᠠᠨᠠᠭ᠎ᠠ ᠠᠯᠲᠠᠨ ᠶᠣᠣᠯᠠᠯ ᠢ ᠤᠰᠤ ᠮᠡᠲᠦ ᠠᠰᠬᠠᠨ᠎ᠠ᠂
25 ᠠᠶᠤᠭᠰᠠᠨ ᠵᠦᠢᠯ ᠮᠢᠨᠢ ᠨᠠᠳᠠ ᠳᠡᠭᠡᠷ᠎ᠡ ᠪᠠᠭᠤᠪᠠ ᠵᠢᠷᠦᠬᠡᠰᠢᠶᠡᠭᠰᠡᠨ ᠵᠦᠢᠯ ᠮᠢᠨᠢ ᠨᠠᠳᠠ ᠳᠡᠭᠡᠷ᠎ᠡ ᠪᠡᠶᠡᠯᠡᠪᠡ᠂
26 ᠨᠠᠳᠠ ᠳᠤ ᠠᠮᠤᠭᠤᠯᠠᠩ ᠦᠭᠡᠢ᠂ ᠲᠠᠢᠪᠤᠩ ᠴᠤ ᠦᠭᠡᠢ᠂ ᠠᠮᠠᠷᠠᠯ ᠦᠭᠡᠢ᠂ ᠲᠦᠭᠰᠢᠭᠦᠷᠢ ᠯᠠ ᠪᠤᠢ》 ᠭᠡᠵᠡᠢ᠃