ᠶᠣᠪ ᠬᠣᠷᠢᠨ ᠭᠤᠷᠪᠠ
ᠶᠣᠪ ᠤᠨ ᠬᠠᠷᠢᠭᠤ
1 ᠶᠣᠪ ᠬᠠᠷᠢᠭᠤᠯᠤᠨ᠄
2 《ᠥᠨᠥᠳᠥᠷ ᠴᠤ ᠵᠣᠪᠠᠯᠠᠩ ᠮᠢᠨᠢ ᠭᠠᠰᠢᠭᠤᠨ ᠪᠠᠢᠨ᠎ᠠ ᠶᠣᠣᠯᠠᠵᠤ ᠪᠤᠢ ᠨᠠᠳᠠ ᠳᠤ ᠲᠡᠭᠦᠨ ᠦ ᠮᠤᠲᠤᠷ ᠬᠦᠨᠳᠦᠳᠡᠵᠦ ᠪᠠᠢᠨ᠎ᠠ᠂
3 ᠲᠡᠭᠦᠨ ᠢ ᠬᠠᠮᠢᠭ᠎ᠠ ᠠᠴᠠ ᠣᠯᠬᠤ ᠶᠢ ᠮᠡᠳᠡᠳᠡᠭ ᠴᠤ ᠪᠣᠯᠣᠭᠠᠰᠠᠢ᠂ ᠲᠡᠭᠦᠨ ᠦ ᠰᠡᠨᠲᠢ ᠶᠢᠨ ᠡᠮᠦᠨ᠎ᠡ ᠣᠴᠢᠳᠠᠭ ᠴᠤ ᠪᠣᠯᠣᠭᠠᠰᠠᠢ᠂
4 ᠲᠡᠭᠡᠪᠡᠯ ᠪᠢ ᠲᠡᠭᠦᠨ ᠦ ᠡᠮᠦᠨ᠎ᠡ ᠵᠠᠭᠠᠯᠳᠤᠯᠭ᠎ᠠ ᠬᠢᠵᠦ ᠠᠮᠠ ᠳᠦᠭᠦᠷᠡᠩ ᠭᠣᠮᠣᠳᠠᠯ ᠲᠣᠭᠠᠴᠢᠬᠤ ᠰᠠᠨ᠂
5 ᠢᠩᠭᠢᠭᠡᠳ ᠬᠠᠷᠢᠭᠤᠯᠬᠤ ᠦᠭᠡᠰ ᠢ ᠨᠢ ᠮᠡᠳᠡᠵᠦ ᠠᠢᠯᠠᠳᠬᠤ ᠶᠢ ᠨᠢ ᠣᠢᠯᠠᠭᠠᠬᠤ ᠰᠠᠨ᠂
6 ᠲᠡᠷᠡ ᠨᠠᠳᠠ ᠲᠠᠢ ᠶᠡᠬᠡ ᠬᠦᠴᠦ ᠪᠡᠷ ᠮᠡᠳᠬᠡᠯᠴᠡᠬᠦ ᠤᠤ︖ ᠦᠭᠡᠢ᠂ ᠲᠡᠷᠡ ᠵᠠᠪᠠᠯ ᠨᠠᠳᠠ ᠳᠤ ᠠᠩ᠋ᠬᠠᠷᠤᠯ ᠲᠠᠯᠪᠢᠬᠤ ᠪᠣᠯᠣᠨ᠎ᠠ︕
7 ᠴᠢᠭ᠍ᠴᠢ ᠬᠥᠮᠦᠨ ᠲᠡᠭᠦᠨ ᠲᠡᠢ ᠤᠴᠢᠷᠯᠠᠵᠤ ᠪᠣᠯᠣᠨ᠎ᠠ᠂ ᠰᠢᠭᠦᠭᠴᠢ ᠮᠢᠨᠢ ᠨᠠᠮᠠᠶᠢ ᠮᠥᠩᠬᠡᠳᠡ ᠬᠡᠯᠲᠦᠷᠢᠭᠦᠯᠦᠨ᠎ᠡ᠃
8 ᠬᠠᠷ᠎ᠠ᠂ ᠪᠢ ᠤᠷᠤᠭᠰᠢ ᠶᠠᠪᠤᠭᠰᠠᠨ ᠴᠤ ᠲᠡᠷᠡ ᠠᠯᠠᠭ᠎ᠠ ᠬᠣᠢᠰᠢ ᠶᠠᠪᠤᠭᠰᠠᠨ ᠴᠤ ᠲᠡᠷᠡ ᠣᠯᠳᠠᠬᠤ ᠦᠭᠡᠢ᠂
9 ᠲᠡᠷᠡ ᠵᠡᠭᠦᠨ ᠲᠠᠯ᠎ᠠ ᠳᠤ ᠮᠢᠨᠢ ᠠᠵᠢᠯᠯᠠᠵᠤ ᠪᠠᠢᠭᠰᠠᠨ ᠴᠤ ᠪᠢ ᠲᠡᠭᠦᠨ ᠢ ᠬᠠᠷᠠᠵᠤ ᠴᠢᠳᠠᠳᠠᠭ ᠦᠭᠡᠢ ᠪᠠᠷᠠᠭᠤᠨ ᠲᠠᠯ᠎ᠠ ᠤᠷᠤᠭᠤ ᠮᠢᠨᠢ ᠡᠷᠭᠢᠭᠰᠡᠨ ᠴᠤ ᠪᠢ ᠲᠡᠭᠦᠨ ᠢ ᠦᠵᠡᠵᠦ ᠴᠢᠳᠠᠳᠠᠭ ᠦᠭᠡᠢ᠂
10 ᠭᠡᠪᠡᠴᠦ ᠲᠡᠷᠡ ᠵᠠᠮ ᠢ ᠮᠢᠨᠢ ᠮᠡᠳᠡᠳᠡᠭ ᠲᠡᠷᠡ ᠨᠠᠮᠠᠶᠢ ᠰᠢᠯᠭᠠᠭᠰᠠᠨ ᠤ ᠳᠠᠷᠠᠭ᠎ᠠ ᠪᠢ ᠠᠯᠲᠠ ᠪᠣᠯᠵᠤ ᠭᠠᠷᠤᠨ᠎ᠠ᠂
11 ᠬᠥᠯ ᠮᠢᠨᠢ ᠲᠡᠭᠦᠨ ᠦ ᠠᠯᠬᠤᠮ ᠢ ᠪᠣᠷᠪᠢᠳᠠᠨ ᠳᠠᠭᠠᠭᠰᠠᠨ ᠲᠡᠭᠦᠨ ᠦ ᠵᠠᠮ ᠢ ᠪᠢ ᠬᠠᠵᠠᠢᠯ ᠦᠭᠡᠢ ᠮᠥᠷᠳᠡᠭᠰᠡᠨ᠂
12 ᠪᠢ ᠣᠷᠣᠭᠤᠯ ᠤᠨ ᠬᠢᠨᠢ ᠲᠤᠰᠢᠶᠠᠯ ᠠᠴᠠ ᠰᠠᠯᠤᠭ᠎ᠠ ᠦᠭᠡᠢ᠂ ᠠᠮᠠᠨ ᠠᠴᠠ ᠨᠢ ᠭᠠᠷᠳᠠᠭ ᠦᠭᠡᠰ ᠢ ᠡᠳᠦᠷ ᠲᠤᠲᠤᠮ ᠤᠨ ᠬᠣᠭᠣᠯᠠᠨ ᠠᠴᠠ ᠴᠤ ᠢᠯᠡᠭᠦᠦ ᠪᠡᠷ ᠨᠠᠨᠳᠢᠩᠨᠠᠭᠰᠠᠨ᠂
13 ᠭᠡᠪᠡᠴᠦ ᠲᠡᠷᠡ ᠪᠣᠯ ᠥᠭᠡᠷᠡᠴᠢᠯᠡᠭᠳᠡᠰᠢ ᠦᠭᠡᠢ ᠨᠢᠭᠡᠨ ᠬᠡᠨ ᠲᠡᠭᠦᠨ ᠢ ᠡᠷᠭᠢᠭᠦᠯᠬᠦ ᠪᠢᠯᠡ︖ ᠬᠦᠰᠡᠭᠰᠡᠨ ᠢᠶᠡᠨ ᠲᠡᠷᠡ ᠭᠦᠢᠴᠡᠳᠬᠡᠳᠡᠭ᠂
14 ᠲᠡᠷᠡ ᠪᠡᠷ ᠮᠢᠨᠦ ᠲᠤᠬᠠᠢ ᠲᠣᠭᠲᠠᠭᠠᠭᠰᠠᠨ ᠢᠶᠠᠨ ᠴᠤ ᠪᠡᠶᠡᠯᠡᠭᠦᠯᠦᠨ᠎ᠡ ᠡᠢᠮᠦᠷᠬᠦ ᠵᠦᠢᠯ ᠨᠢ ᠲᠡᠭᠦᠨ ᠳᠦ ᠣᠯᠠᠨ ᠪᠤᠢ᠂
15 ᠡᠢᠮᠦ ᠡᠴᠡ ᠪᠢ ᠲᠡᠭᠦᠨ ᠦ ᠣᠷᠣᠰᠢᠬᠤᠢ ᠶᠢᠨ ᠡᠮᠦᠨ᠎ᠡ ᠰᠠᠯᠭᠠᠨᠠᠨ᠎ᠠ᠂ ᠡᠳᠡᠭᠡᠷ ᠢ ᠪᠣᠳᠣᠭᠠᠳ ᠲᠡᠭᠦᠨ ᠡᠴᠡ ᠡᠮᠢᠶᠡᠨ᠎ᠡ᠂
16 ᠪᠤᠷᠬᠠᠨ ᠵᠢᠷᠦᠬᠡ ᠶᠢ ᠮᠢᠨᠢ ᠰᠤᠯᠠᠳᠠᠭᠤᠯᠤᠭᠰᠠᠨ ᠲᠡᠭᠦᠰ ᠬᠦᠴᠦᠲᠡᠨ ᠨᠠᠮᠠᠶᠢ ᠲᠦᠭᠰᠢᠭᠡᠭᠰᠡᠨ᠂
17 ᠤᠴᠢᠷ ᠨᠢ ᠬᠠᠷᠠᠩ᠋ᠭᠤᠢ ᠢᠷᠡᠬᠦ ᠶᠢᠨ ᠡᠮᠦᠨ᠎ᠡ ᠪᠢ ᠲᠠᠰᠤᠯᠤᠭᠳᠠᠭᠠ ᠦᠭᠡᠢ ᠲᠡᠷᠡ ᠪᠡᠷ ᠨᠢᠭᠤᠷ ᠠᠴᠠ ᠮᠢᠨᠢ ᠬᠠᠷᠠᠩ᠋ᠭᠤᠢ ᠶᠢ ᠨᠢᠭᠤᠭᠠ ᠦᠭᠡᠢ᠃