ᠶᠣᠪ ᠳᠥᠴᠢᠨ ᠨᠢᠭᠡ
1 ᠴᠢ ᠯᠧᠸᠢᠶᠠᠲ᠋ᠠᠨ 17 ᠢ ᠳᠡᠭᠡᠭᠡ ᠪᠡᠷ ᠪᠠᠷᠢᠵᠤ ᠴᠢᠳᠠᠬᠤ ᠤᠤ︖ ᠬᠡᠯᠡ ᠶᠢ ᠨᠢ ᠳᠡᠭᠡᠰᠦ ᠪᠡᠷ ᠪᠣᠭᠣᠵᠤ ᠴᠢᠳᠠᠬᠤ ᠤᠤ︖
2 ᠬᠠᠮᠠᠷ ᠢ ᠨᠢ ᠴᠢ ᠣᠯᠣᠰᠣ ᠪᠠᠷ ᠳᠥᠷᠥᠯᠡᠵᠦ ᠴᠢᠳᠠᠬᠤ ᠤᠤ︖ ᠡᠷᠡᠦ ᠶᠢ ᠨᠢ ᠳᠡᠭᠡᠭᠡ ᠪᠡᠷ ᠴᠣᠭᠣᠯᠵᠤ ᠴᠢᠳᠠᠬᠤ ᠤᠤ︖
3 ᠠᠬᠢᠨ ᠳᠠᠬᠢᠨ ᠲᠡᠷᠡ ᠴᠢᠮ᠎ᠠ ᠠᠴᠠ ᠥᠷᠥᠰᠢᠶᠡᠯ ᠭᠤᠶᠤᠬᠤ ᠤᠤ︖ ᠵᠥᠭᠡᠯᠡᠨ ᠦᠭᠡ ᠪᠡᠷ ᠴᠢᠮ᠎ᠠ ᠳᠤ ᠶᠠᠷᠢᠬᠤ ᠤᠤ︖
4 ᠲᠡᠷᠡ 《ᠡᠭᠦᠷᠢᠳᠡ ᠪᠢ ᠲᠠᠨ ᠤ ᠪᠣᠭᠣᠯ ᠪᠣᠯᠣᠶ᠎ᠠ》 ᠭᠡᠳ ᠥᠪᠡᠷ ᠲᠡᠢ ᠴᠢᠨᠢ ᠭᠡᠷ᠎ᠡ ᠪᠠᠢᠭᠤᠯᠬᠤ ᠤᠤ︖
5 ᠴᠢ ᠰᠢᠪᠠᠭᠤ ᠪᠠᠷ ᠨᠠᠭᠠᠳᠬᠤ ᠰᠢᠭ᠋ ᠲᠡᠭᠦᠨ ᠢᠶᠡᠷ ᠨᠠᠭᠠᠳᠬᠤ ᠤᠤ︖ ᠰᠢᠪᠡᠭᠴᠢᠳ ᠢᠶᠠᠷ ᠢᠶᠠᠨ ᠨᠠᠭᠠᠳᠤᠭᠤᠯᠬᠤ ᠪᠠᠷ ᠲᠡᠭᠦᠨ ᠢ ᠬᠦᠯᠢᠬᠦ ᠤᠤ︖
6 ᠲᠡᠭᠦᠨ ᠢ ᠪᠣᠷᠣᠯᠠᠭᠤᠯᠬᠤ ᠤᠤ︖ ᠬᠤᠳᠠᠯᠳᠤᠭᠠᠴᠢᠳ ᠲᠤ ᠬᠤᠪᠢᠶᠠᠵᠤ ᠥᠭᠬᠦ ᠤᠤ︖
7 ᠴᠢ ᠠᠷᠠᠰᠤ ᠶᠢ ᠨᠢ ᠵᠢᠳᠠ ᠪᠠᠷ ᠲᠣᠯᠣᠭᠠᠢ ᠶᠢ ᠨᠢ ᠰᠡᠷᠡᠭᠡ ᠪᠡᠷ ᠴᠣᠭᠣᠯᠵᠤ ᠴᠢᠳᠠᠬᠤ ᠤᠤ︖
8 ᠭᠠᠷ ᠢᠶᠠᠨ ᠲᠡᠭᠦᠨ ᠳᠡᠭᠡᠷ᠎ᠡ ᠬᠦᠷᠭᠡᠵᠦ ᠦᠵᠡ ᠲᠡᠷᠡ ᠴᠢᠮ᠎ᠠ ᠶᠢ ᠳᠠᠭᠠᠷᠢᠬᠤ ᠪᠥᠭᠡᠳ ᠴᠢ ᠳᠠᠬᠢᠨ ᠲᠡᠭᠡᠬᠦ ᠦᠭᠡᠢ ᠪᠣᠯᠣᠨ᠎ᠠ︕
9 ᠬᠠᠷ᠎ᠠ᠂ ᠲᠡᠭᠦᠨ ᠢ ᠪᠠᠷᠢᠬᠤ ᠪᠠᠷ ᠣᠷᠣᠯᠳᠤᠬᠤ ᠨᠢ ᠬᠣᠭᠣᠰᠣᠨ ᠬᠥᠮᠦᠨ ᠲᠡᠭᠦᠨ ᠢ ᠬᠠᠷᠠᠮᠠᠭᠴᠠ ᠭᠠᠵᠠᠷ ᠲᠤ ᠤᠨᠠᠬᠤ ᠪᠤᠢ᠂
10 ᠲᠡᠭᠦᠨ ᠢ ᠥᠳᠥᠭᠡᠬᠦ ᠪᠠᠯᠠᠮᠠᠳ ᠨᠢᠭᠡᠨ ᠴᠤ ᠠᠯᠠᠭ᠎ᠠ ᠪᠠᠢᠬᠤ ᠳᠤ ᠬᠡᠨ ᠮᠢᠨᠦ ᠡᠰᠡᠷᠭᠦ ᠵᠣᠭᠰᠣᠵᠤ ᠴᠢᠳᠠᠬᠤ ᠪᠢᠯᠡ︖
11 ᠲᠩᠷᠢ ᠶᠢᠨ ᠳᠣᠣᠷᠠᠬᠢ ᠪᠦᠭᠦᠳᠡ ᠮᠢᠨᠦᠬᠢ ᠪᠠᠢᠬᠤ ᠳᠤ ᠨᠠᠳᠠ ᠳᠤ ᠥᠭᠴᠢᠬᠡᠭᠡᠳ ᠪᠤᠴᠠᠭᠠᠵᠤ ᠠᠪᠤᠭᠴᠢ ᠨᠢ ᠬᠡᠨ ᠪᠢᠯᠡ︖
12 ᠯᠧᠸᠢᠶᠠᠲ᠋ᠠᠨ ᠤ ᠮᠥᠴᠢ ᠨᠦᠭᠦᠳ ᠬᠢᠭᠡᠳ ᠬᠦᠴᠦ ᠴᠢᠳᠠᠯ᠂ ᠰᠠᠢᠬᠠᠨ ᠭᠠᠯᠪᠢᠷ ᠤᠨ ᠬᠢᠨᠢ ᠲᠤᠬᠠᠢ ᠪᠢ ᠳᠠᠭᠤ ᠦᠭᠡᠢ ᠪᠠᠢᠬᠤ ᠦᠭᠡᠢ᠂
13 ᠲᠡᠭᠦᠨ ᠦ ᠭᠠᠳᠠᠷ ᠡᠮᠦᠰᠬᠡᠯ ᠢ ᠬᠡᠨ ᠬᠠᠭᠤᠯᠵᠤ ᠴᠢᠳᠠᠬᠤ ᠪᠤᠢ︖ ᠳᠠᠪᠬᠤᠷ ᠬᠤᠶᠠᠭ ᠢ ᠨᠢ ᠬᠡᠨ ᠨᠡᠪᠲᠡᠯᠵᠦ ᠴᠢᠳᠠᠬᠤ ᠪᠤᠢ︖
14 ᠨᠢᠭᠤᠷ ᠳᠡᠭᠡᠷᠡᠬᠢ ᠡᠭᠦᠳᠡ ᠶᠢ ᠨᠢ ᠬᠡᠨ ᠨᠡᠭᠡᠭᠡᠵᠦ ᠴᠢᠳᠠᠬᠤ ᠪᠤᠢ︖ ᠲᠣᠭᠣᠷᠢᠨ ᠪᠠᠢᠬᠤ ᠰᠢᠳᠦ ᠨᠢ ᠠᠶᠤᠮᠰᠢᠭᠲᠠᠢ ᠪᠢᠵᠡ᠂
15 ᠨᠢᠷᠤᠭᠤ ᠨᠢ ᠳᠠᠪᠬᠤᠷ ᠪᠠᠮᠪᠠᠢ ᠲᠠᠢ ᠨᠢᠭᠲᠠ ᠪᠢᠲᠡᠭᠦᠮᠵᠢ ᠲᠠᠢ ᠪᠠᠢᠳᠠᠭ
16 ᠨᠢᠭᠡ ᠨᠢ ᠨᠥᠭᠥᠭᠡ ᠡᠴᠡ ᠪᠡᠨ ᠣᠢᠷᠠᠬᠠᠨ ᠲᠤᠯᠠ ᠬᠣᠭᠣᠷᠣᠨᠳᠣ ᠨᠢ ᠠᠭᠠᠷ ᠴᠤ ᠣᠷᠣᠬᠤ ᠪᠣᠯᠣᠮᠵᠢ ᠦᠭᠡᠢ
17 ᠨᠢᠭᠡ ᠨᠢ ᠨᠥᠭᠥᠭᠡ ᠳᠡᠭᠡᠨ ᠨᠠᠭᠠᠯᠳᠤᠭᠰᠠᠨ ᠨᠢᠭᠡᠨᠲᠡ ᠵᠢᠭᠤᠷᠠᠯᠳᠤᠭᠰᠠᠨ ᠲᠤᠯᠠ ᠰᠠᠯᠭᠠᠬᠤ ᠪᠣᠯᠣᠮᠵᠢ ᠦᠭᠡᠢ᠂
18 ᠨᠠᠢᠲᠠᠭᠠᠬᠤ ᠳᠤᠨᠢ ᠭᠡᠷᠡᠯ ᠰᠠᠴᠤᠷᠠᠳᠠᠭ ᠨᠢᠳᠦ ᠨᠢ ᠦᠷ ᠦᠨ ᠲᠤᠶᠠᠭ᠎ᠠ ᠠᠳᠠᠯᠢ
19 ᠠᠮᠠᠨ ᠠᠴᠠ ᠨᠢ ᠭᠠᠯ ᠪᠠᠮᠪᠠᠷ ᠭᠠᠷᠴᠤ ᠭᠠᠯ ᠤᠨ ᠣᠴᠢ ᠨᠤᠭᠤᠳ ᠦᠰᠦᠴᠢᠵᠦ ᠪᠠᠢᠨ᠎ᠠ
20 ᠬᠠᠮᠠᠷ ᠤᠨ ᠬᠢᠨᠢ ᠨᠦᠬᠡᠨ ᠡᠴᠡ ᠭᠠᠷᠬᠤ ᠤᠲᠤᠭ᠎ᠠ ᠪᠤᠴᠠᠯᠵᠤ ᠪᠤᠢ ᠲᠣᠭᠣᠭ᠎ᠠ ᠪᠤᠶᠤ ᠰᠢᠲᠠᠵᠤ ᠪᠤᠢ ᠵᠡᠭᠡᠰᠦᠨ ᠦ ᠬᠢ ᠮᠡᠲᠦ᠃
21 ᠠᠮᠢᠰᠬᠤᠯ ᠨᠢ ᠨᠡᠭᠦᠷᠡᠰᠦ ᠶᠢ ᠴᠤ ᠠᠰᠠᠭᠠᠨ᠎ᠠ ᠠᠮᠠᠨ ᠠᠴᠠ ᠨᠢ ᠭᠠᠯ ᠤᠨ ᠳᠥᠯᠥ ᠭᠠᠷᠴᠤ ᠪᠠᠢᠨ᠎ᠠ
22 ᠬᠦᠵᠦᠭᠦᠨ ᠳᠦᠨᠢ ᠬᠦᠴᠦ ᠴᠢᠳᠠᠯ ᠪᠤᠢ ᠠᠢᠳᠠᠰ ᠬᠦᠢᠳᠡᠰ ᠲᠡᠭᠦᠨ ᠦ ᠡᠮᠦᠨ᠎ᠡ ᠪᠥᠮᠪᠥᠭᠡᠨᠡᠵᠦ ᠪᠠᠢᠨ᠎ᠠ
23 ᠮᠢᠬ᠎ᠠ ᠨᠢ ᠳᠠᠪᠬᠤᠷ ᠳᠠᠪᠬᠤᠷ ᠢᠶᠠᠷ ᠨᠢᠭᠲᠠ ᠬᠣᠯᠪᠣᠭᠳᠠᠭᠰᠠᠨ ᠪᠠᠢᠳᠠᠭ ᠬᠥᠳᠡᠯᠦᠰᠢ ᠦᠭᠡᠢ ᠪᠠᠲᠤ ᠲᠣᠭᠲᠠᠭᠰᠠᠨ ᠪᠠᠢᠳᠠᠭ
24 ᠴᠡᠭᠡᠵᠢ ᠨᠢ ᠴᠢᠯᠠᠭᠤ ᠮᠡᠲᠦ ᠬᠠᠲᠠᠭᠤ ᠲᠡᠭᠡᠷᠮ᠎ᠡ ᠶᠢᠨ ᠳᠣᠣᠷ᠎ᠠ ᠲᠠᠯ᠎ᠠ ᠶᠢᠨ ᠴᠢᠯᠠᠭᠤ ᠮᠡᠲᠦ ᠬᠠᠲᠠᠭᠤ
25 ᠲᠡᠷᠡ ᠪᠣᠰᠬᠤ ᠳᠤ᠂ ᠪᠠᠭᠠᠲᠤᠷ ᠤᠳ ᠴᠤ ᠪᠠᠯᠠᠮᠠᠭᠳᠠᠨᠠ ᠪᠤᠲᠠᠯᠤᠭᠳᠠᠬᠤ ᠠᠴᠠ ᠪᠠᠨ ᠠᠶᠤᠭᠠᠳ ᠪᠤᠯᠲᠠᠨᠠ
26 ᠢᠯᠳᠦ ᠲᠡᠭᠦᠨ ᠳᠦ ᠬᠦᠷᠦᠭᠰᠡᠨ ᠴᠤ ᠨᠡᠮᠡᠷᠢ ᠦᠭᠡᠢ ᠵᠢᠳᠠ ᠵᠠᠯᠮ᠎ᠠ᠂ ᠨᠤᠮᠤ ᠰᠤᠮᠤ ᠴᠤ ᠲᠤᠰᠠ ᠦᠭᠡᠢ
27 ᠲᠡᠷᠡ ᠲᠡᠮᠦᠷ ᠢ ᠰᠦᠷᠡᠯ ᠮᠡᠲᠦ ᠬᠦᠷᠡᠯ ᠢ ᠢᠯᠵᠢᠷᠠᠭᠰᠠᠨ ᠮᠣᠳᠣ ᠮᠡᠲᠦ ᠲᠣᠭᠠᠴᠠᠨ᠎ᠠ
28 ᠨᠤᠮᠤ ᠰᠤᠮᠤ ᠲᠡᠭᠦᠨ ᠢ ᠳᠤᠲᠠᠭᠠᠯᠭᠠᠵᠤ ᠴᠢᠳᠠᠬᠤ ᠦᠭᠡᠢ ᠳᠦᠦᠭᠡᠦᠷ ᠦᠨ ᠴᠢᠯᠠᠭᠤᠳ ᠲᠡᠭᠦᠨ ᠳᠦ ᠬᠡᠪᠡᠭ ᠠᠳᠠᠯᠢ
29 ᠰᠢᠳᠠᠮ ᠤᠳ ᠴᠤ ᠰᠦᠷᠡᠯ ᠮᠡᠲᠦ ᠲᠣᠭᠠᠴᠠᠭᠳᠠᠨ᠎ᠠ ᠱᠠᠵᠢᠭᠢᠨᠠᠬᠤ ᠵᠢᠳᠠ ᠶᠢ ᠴᠤ ᠲᠡᠷᠡ ᠲᠣᠬᠣᠭᠤᠷᠬᠠᠨᠠ
30 ᠳᠣᠣᠷᠠᠳᠤ ᠬᠡᠰᠡᠭ ᠲᠤᠨᠢ ᠸᠠᠭᠠᠷ ᠤᠨ ᠬᠤᠷᠴᠠ ᠬᠡᠯᠲᠡᠷᠬᠡᠢ ᠨᠦᠭᠦᠳ ᠪᠠᠢᠵᠤ ᠰᠢᠪᠠᠷ ᠳᠡᠭᠡᠭᠦᠷ ᠱᠠᠩ ᠲᠠᠲᠠᠭᠰᠠᠨ ᠰᠢᠭ᠋ ᠮᠥᠷ ᠦᠯᠡᠳᠡᠭᠡᠨ᠎ᠡ
31 ᠲᠡᠷᠡ ᠭᠦᠨ ᠤᠰᠤ ᠶᠢ ᠲᠣᠭᠣᠭ᠎ᠠ ᠮᠡᠲᠦ ᠣᠷᠭᠢᠯᠤᠭᠤᠯᠤᠨ ᠳᠠᠯᠠᠢ ᠶᠢ ᠲᠣᠰᠣ ᠲᠠᠢ ᠲᠣᠭᠣᠭ᠎ᠠ ᠮᠡᠲᠦ ᠪᠣᠯᠭᠠᠨ᠎ᠠ
32 ᠠᠷᠤ ᠳᠠᠭᠠᠨ ᠲᠡᠷᠡ ᠭᠢᠯᠠᠯᠵᠠᠬᠤ ᠮᠥᠷ ᠦᠯᠡᠳᠡᠭᠡᠨ᠎ᠡ ᠤᠰᠤᠨ ᠤ ᠭᠦᠨ ᠴᠤ ᠪᠤᠭᠤᠷᠤᠯᠲᠤᠭᠰᠠᠨ ᠮᠡᠲᠦ ᠪᠣᠳᠣᠭᠳᠠᠨ᠎ᠠ
33 ᠲᠡᠷᠡ ᠪᠣᠯ ᠠᠢᠳᠠᠰ ᠦᠭᠡᠢ ᠪᠦᠲᠦᠭᠡᠯ ᠲᠡᠭᠦᠨ ᠲᠡᠢ ᠢᠵᠢᠯ ᠨᠢᠭᠡᠨ ᠨᠢ ᠭᠠᠵᠠᠷ ᠳᠡᠭᠡᠷ᠎ᠡ ᠦᠭᠡᠢ
34 ᠥᠨᠳᠥᠷ ᠪᠦᠬᠦᠨ ᠢ ᠲᠡᠷᠡ ᠳᠣᠣᠷᠠᠳᠤ ᠭᠡᠵᠦ ᠦᠵᠡᠨ᠎ᠡ ᠣᠮᠣᠷᠬᠠᠭ ᠪᠠᠷᠳᠠᠮ ᠪᠦᠭᠦᠳᠡ ᠶᠢᠨ ᠬᠠᠭᠠᠨ ᠪᠣᠯ ᠲᠡᠷᠡ》 ᠭᠡᠪᠡ᠃