1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠠᠷᠪᠠᠨ ᠳᠥᠷᠪᠡ
1 ᠡᠮᠡᠭᠲᠡᠢ ᠡᠴᠡ ᠲᠥᠷᠥᠳᠡᠭ ᠬᠥᠮᠦᠨ ᠦ ᠡᠳᠦᠷ ᠤᠳ ᠨᠢ ᠴᠥᠭᠡᠨ᠂ ᠦᠢᠮᠡᠭᠡᠨ ᠨᠢ ᠣᠯᠠᠨ᠂
2 ᠴᠡᠴᠡᠭ ᠮᠡᠲᠦ ᠳᠡᠯᠭᠡᠷᠡᠭᠡᠳ᠂ ᠵᠤᠯᠭᠠᠷᠠᠵᠤ ᠰᠡᠭᠦᠳᠡᠷ ᠮᠡᠲᠦ ᠦᠯᠡᠳᠡᠬᠦ ᠦᠭᠡᠢ ᠥᠩᠭᠡᠷᠡᠨ᠎ᠡ᠂
3 ᠡᠢᠮᠦ ᠨᠢᠭᠡᠨ ᠦ ᠳᠡᠭᠡᠷ᠎ᠡ ᠲᠠ ᠬᠠᠷᠠᠭ᠎ᠠ ᠪᠠᠨ ᠲᠣᠭᠲᠠᠭᠠᠭᠰᠠᠨ ᠭᠡᠵᠢ ᠤᠤ︖ ᠨᠠᠮᠠᠶᠢ ᠥᠪᠡᠷ ᠤᠷᠤᠭᠤ ᠪᠠᠨ ᠠᠪᠠᠴᠢᠵᠤ ᠰᠢᠳᠬᠡᠬᠦ ᠪᠡᠷ ᠪᠠᠢᠨ᠎ᠠ ᠤᠤ︖
4 ᠬᠡᠨ ᠪᠤᠵᠠᠷ ᠠᠴᠠ ᠪᠠᠨ ᠴᠡᠪᠡᠷ ᠢ ᠭᠠᠷᠭᠠᠵᠤ ᠴᠢᠳᠠᠬᠤ ᠪᠤᠢ︖ ᠬᠡᠨ ᠴᠤ ᠦᠭᠡᠢ᠂
5 ᠬᠥᠮᠦᠨ ᠦ ᠡᠳᠦᠷ ᠤᠳ ᠲᠣᠭᠲᠠᠭᠰᠠᠨ ᠲᠠ ᠰᠠᠷ᠎ᠠ ᠨᠤᠭᠤᠳ ᠢ ᠨᠢ ᠬᠡᠳᠦᠢᠨᠡᠢ ᠲᠣᠭᠠᠯᠠᠭᠰᠠᠨ ᠳᠠᠪᠠᠰᠢ ᠦᠭᠡᠢ ᠬᠢᠵᠠᠭᠠᠷ ᠤᠳ ᠢ ᠲᠣᠭᠲᠠᠭᠠᠭᠰᠠᠨ᠂
6 ᠬᠠᠷᠠᠴᠠ ᠪᠠᠨ ᠲᠡᠭᠦᠨ ᠡᠴᠡ ᠡᠷᠭᠢᠭᠦᠯᠵᠦ ᠲᠡᠭᠦᠨ ᠢ ᠠᠮᠠᠷᠠᠭᠠᠴᠢ ᠬᠥᠯᠥᠰᠥᠨ ᠦ ᠬᠥᠮᠦᠨ ᠭᠡᠵᠦ ᠦᠯᠡᠳᠡᠭᠰᠡᠨ ᠡᠳᠦᠷ ᠲᠤᠨᠢ ᠵᠢᠷᠭᠠᠭᠠᠴᠢ᠂
7 ᠮᠣᠳᠣ ᠪᠣᠯ ᠨᠠᠢᠳᠠᠪᠤᠷᠢ ᠲᠠᠢ᠂ ᠴᠠᠪᠴᠢᠭᠤᠯᠤᠭᠰᠠᠨ ᠴᠤ ᠳᠠᠬᠢᠨ ᠰᠣᠶᠣᠭᠠᠯᠠᠨ᠎ᠠ᠂ ᠰᠣᠶᠣᠭ᠎ᠠ ᠨᠢ ᠵᠣᠭᠰᠣᠯᠲᠠ ᠦᠭᠡᠢ ᠭᠠᠷᠤᠨ᠎ᠠ᠂
8 ᠦᠨᠳᠦᠰᠦ ᠨᠢ ᠭᠠᠵᠠᠷ ᠳᠣᠣᠷ᠎ᠠ ᠥᠲᠡᠯᠵᠦ ᠬᠣᠵᠤᠤᠯ᠎ᠠ ᠨᠢ ᠬᠥᠷᠥᠰᠥᠨ ᠳᠤ ᠦᠬᠦᠳᠡᠭ ᠴᠤ
9 ᠤᠰᠤᠨ ᠤ ᠦᠨᠦᠷ ᠢᠶᠡᠷ ᠨᠠᠬᠢᠶᠠᠯᠠᠵᠤ ᠰᠢᠨ᠎ᠡ ᠪᠡᠷ ᠲᠠᠷᠢᠭᠰᠠᠨ ᠤᠷᠭᠤᠮᠠᠯ ᠮᠡᠲᠦ ᠮᠥᠴᠢᠷ ᠢᠶᠠᠨ ᠤᠷᠭᠤᠭᠤᠯᠳᠠᠭ᠂
10 ᠬᠠᠷᠢᠨ ᠬᠥᠮᠦᠨ ᠦᠬᠦᠪᠡᠯ ᠳᠣᠣᠷ᠎ᠠ ᠲᠠᠯᠪᠢᠭᠳᠠᠨ᠎ᠠ ᠠᠮᠢᠰᠬᠤᠯ ᠬᠤᠷᠢᠶᠠᠪᠠᠯ ᠲᠡᠷᠡ ᠠᠯᠠᠭ᠎ᠠ ᠪᠣᠯᠣᠨ᠎ᠠ᠂
11 ᠤᠰᠤ ᠨᠠᠭᠤᠷ ᠠᠴᠠ ᠠᠭᠤᠷᠰᠢᠬᠤ ᠮᠡᠲᠦ ᠤᠷᠤᠰᠬᠠᠯ ᠰᠢᠷᠭᠢᠵᠦ ᠬᠠᠲᠠᠬᠤ ᠮᠡᠲᠦ᠂
12 ᠬᠥᠮᠦᠨ ᠬᠡᠪᠲᠡᠭᠡᠳ ᠪᠣᠰᠬᠤ ᠪᠠᠨ ᠪᠣᠯᠢᠨ᠎ᠠ᠂ ᠲᠩᠷᠢ ᠠᠯᠠᠭ᠎ᠠ ᠪᠣᠯᠬᠤ ᠬᠦᠷᠲᠡᠯ᠎ᠡ ᠰᠡᠷᠢᠬᠦ ᠦᠭᠡᠢ ᠨᠣᠢᠷ ᠠᠴᠠ ᠪᠠᠨ ᠴᠤ ᠥᠨᠳᠡᠢᠬᠦ ᠦᠭᠡᠢ᠃

13 ᠦᠬᠦᠭᠰᠡᠳ ᠦᠨ ᠣᠷᠣᠨ ᠳᠤ ᠲᠠ ᠨᠠᠮᠠᠶᠢ ᠨᠢᠭᠤᠬᠤ ᠴᠤ ᠪᠣᠯᠣᠭᠠᠰᠠᠢ ᠠᠭᠤᠷ ᠬᠢᠯᠢᠩ ᠢᠶᠠᠨ ᠥᠩᠭᠡᠷᠡᠲᠡᠯ᠎ᠡ ᠲᠡᠨᠳᠡ ᠨᠠᠮᠠᠶᠢ ᠳᠠᠯᠳᠠᠯᠠᠭᠠᠳ ᠮᠢᠨᠦ ᠲᠥᠯᠥᠭᠡ ᠴᠠᠭ ᠲᠣᠪᠯᠠᠵᠤ ᠨᠠᠮᠠᠶᠢ ᠰᠠᠨᠠᠬᠤ ᠴᠤ ᠪᠣᠯᠣᠭᠠᠰᠠᠢ︕
14 ᠦᠬᠦᠭᠰᠡᠨ ᠬᠥᠮᠦᠨ ᠠᠮᠢᠯᠠᠬᠤ ᠤᠤ︖ ᠥᠭᠡᠷᠡᠴᠢᠯᠡᠯᠲᠡ ᠢᠷᠡᠬᠦ ᠶᠢ ᠪᠢ ᠲᠡᠮᠡᠴᠡᠯ ᠦᠨ ᠢᠶᠠᠨ ᠪᠦᠬᠦ ᠡᠳᠦᠷ ᠢᠶᠡᠷ ᠬᠦᠯᠢᠶᠡᠶ᠎ᠡ᠂
15 ᠲᠠ ᠳᠠᠭᠤᠳᠠᠬᠤ ᠳᠤ ᠪᠢ ᠬᠠᠷᠢᠭᠤᠯᠤᠨ᠎ᠠ ᠲᠠ ᠮᠤᠲᠤᠷ ᠤᠨ ᠢᠶᠠᠨ ᠪᠦᠲᠦᠭᠡᠯ ᠨᠠᠮᠠᠶᠢ ᠰᠠᠨᠠᠭᠠᠯᠵᠠᠬᠤ ᠪᠣᠯᠣᠨ᠎ᠠ᠂
16 ᠲᠡᠷᠡ ᠦᠶ᠎ᠡ ᠳᠦ ᠲᠠ ᠠᠯᠬᠤᠮ ᠪᠦᠷᠢ ᠶᠢ ᠮᠢᠨᠢ ᠲᠣᠭᠠᠯᠠᠬᠤ ᠪᠣᠯᠪᠠᠴᠤ ᠠᠯᠳᠠᠭ᠎ᠠ ᠶᠢ ᠮᠢᠨᠢ ᠨᠡᠬᠡᠮᠵᠢᠯᠡᠬᠦ ᠦᠭᠡᠢ᠂
17 ᠪᠤᠷᠤᠭᠤ ᠶᠢ ᠮᠢᠨᠢ ᠤᠭᠤᠲᠠᠨ ᠳᠤ ᠬᠢᠵᠦ ᠪᠢᠲᠡᠭᠦᠮᠵᠢᠯᠡᠭᠡᠳ ᠭᠡᠮ ᠢ ᠮᠢᠨᠢ ᠪᠦᠲᠡᠭᠡᠬᠦ ᠪᠣᠯᠣᠨ᠎ᠠ᠃

18 ᠬᠠᠷᠢᠨ ᠠᠭᠤᠯᠠ ᠨᠤᠷᠠᠵᠤ ᠬᠠᠭᠠᠷᠠᠨ ᠬᠠᠳᠠ ᠴᠢᠯᠠᠭᠤ ᠴᠤ ᠪᠠᠢᠷᠢ ᠡᠴᠡ ᠪᠡᠨ ᠰᠢᠯᠵᠢᠳᠡᠭ᠂
19 ᠤᠰᠤ ᠴᠢᠯᠠᠭᠤ ᠶᠢ ᠡᠯᠡᠭᠡᠵᠦ ᠦᠶᠡᠷ ᠭᠠᠵᠠᠷ ᠤᠨ ᠰᠢᠷᠣᠢ ᠶᠢ ᠱᠦᠭᠦᠷᠳᠡᠳᠡᠭ᠂ ᠡᠢᠨ ᠬᠦ ᠲᠠ ᠬᠥᠮᠦᠨ ᠦ ᠨᠠᠢᠳᠠᠪᠤᠷᠢ ᠶᠢ ᠮᠥᠬᠥᠭᠡᠳᠡᠭ ᠪᠢᠯᠡ᠂
20 ᠲᠠ ᠬᠥᠮᠦᠨ ᠢ ᠪᠦᠷᠢᠮᠦᠰᠦᠨ ᠳᠠᠷᠤᠬᠤ ᠳᠤ ᠲᠡᠷᠡ ᠥᠩᠭᠡᠷᠡᠨ ᠣᠳᠣᠨ᠎ᠠ᠂ ᠲᠠ ᠲᠥᠷᠬᠥ ᠶᠢ ᠨᠢ ᠬᠤᠪᠢᠷᠠᠭᠤᠯᠵᠤ ᠲᠡᠭᠦᠨ ᠢ ᠵᠠᠢᠯᠠᠭᠤᠯᠤᠨ᠎ᠠ᠂
21 ᠦᠷ᠎ᠡ ᠬᠡᠦᠬᠡᠳ ᠤᠳ ᠨᠢ ᠨᠡᠷ᠎ᠡ ᠬᠦᠨᠳᠦ ᠶᠢ ᠣᠯᠣᠭᠰᠠᠨ ᠴᠤ ᠲᠡᠷᠡ ᠦᠯᠦ ᠮᠡᠳᠡᠨ᠎ᠡ ᠥᠴᠦᠬᠡᠨ ᠳᠣᠣᠷᠠᠳᠤ ᠪᠣᠯᠣᠭᠰᠠᠨ ᠴᠤ ᠡᠰᠡ ᠣᠢᠯᠠᠭᠠᠨ᠎ᠠ᠂
22 ᠥᠪᠡᠷ ᠦᠨ ᠢᠶᠠᠨ ᠪᠡᠶ᠎ᠡ ᠶᠢᠨ ᠡᠪᠡᠳᠦᠯᠲᠡ ᠶᠢ ᠯᠠ ᠮᠡᠳᠡᠷᠡᠵᠦ ᠥᠪᠡᠷ ᠦᠨ ᠢᠶᠠᠨ ᠲᠥᠯᠥᠭᠡ ᠯᠠ ᠭᠠᠰᠢᠭᠤᠳᠠᠨ᠎ᠠ》 ᠭᠡᠪᠡ᠃