1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠳᠣᠯᠣᠭ᠎ᠠ
1 ᠭᠠᠵᠠᠷ ᠳᠡᠭᠡᠷᠡᠬᠢ ᠬᠥᠮᠦᠨ ᠳᠦ ᠲᠡᠮᠡᠴᠡᠯ ᠪᠠᠢᠬᠤ ᠦᠭᠡᠢ ᠭᠡᠵᠢ ᠤᠤ︖ ᠲᠡᠭᠦᠨ ᠦ ᠡᠳᠦᠷ ᠤᠳ ᠨᠢ ᠬᠠᠷ᠎ᠠ ᠠᠵᠢᠯᠴᠢᠨ ᠤ ᠡᠳᠦᠷ ᠤᠳ ᠰᠢᠭ
2 ᠰᠡᠭᠦᠳᠡᠷ ᠢ ᠬᠦᠰᠡᠮᠵᠢᠯᠡᠬᠦ ᠪᠣᠭᠣᠯ ᠤᠨ ᠬᠢ ᠰᠢᠭ᠋ ᠬᠥᠯᠥᠰᠥ ᠬᠦᠰᠡᠬᠦ ᠬᠠᠷ᠎ᠠ ᠠᠵᠢᠯᠴᠢᠨ ᠤ ᠬᠢ ᠰᠢᠭ᠋᠂
3 ᠡᠢᠮᠦ ᠤᠳᠬ᠎ᠠ ᠦᠭᠡᠢ ᠰᠠᠷ᠎ᠠ ᠨᠤᠭᠤᠳ ᠨᠠᠳᠠ ᠳᠤ ᠤᠨᠤᠭᠳᠠᠵᠠᠢ ᠡᠢᠮᠦ ᠤᠢᠳᠬᠠᠷ ᠲᠠᠢ ᠰᠥᠨᠢ ᠨᠦᠭᠦᠳ ᠨᠠᠳᠠ ᠳᠤ ᠬᠤᠪᠢᠶᠠᠷᠢᠯᠠᠭᠳᠠᠵᠠᠢ᠂
4 ᠬᠡᠪᠲᠡᠬᠦ ᠪᠣᠯᠭᠠᠨ ᠳᠠᠭᠠᠨ ᠪᠢ᠄ 〈ᠬᠡᠵᠢᠶ᠎ᠡ ᠪᠣᠰᠬᠤ ᠪᠣᠯ︖ ᠰᠥᠨᠢ ᠬᠡᠵᠢᠶ᠎ᠡ ᠳᠠᠭᠤᠰᠬᠤ ᠪᠣᠯ〉 ᠭᠡᠳ ᠡᠷᠭᠢᠵᠦ ᠬᠥᠷᠪᠡᠭᠰᠡᠭᠡᠷ ᠦᠷ ᠴᠠᠢᠯᠭᠠᠨ᠎ᠠ᠂
5 ᠪᠡᠶ᠎ᠡ ᠮᠢᠨᠢ ᠥᠲᠥ ᠪᠣᠯᠣᠨ ᠭᠬᠢᠷ ᠲᠤ ᠬᠤᠴᠢᠭᠳᠠᠭᠰᠠᠨ ᠠᠷᠠᠰᠤ ᠮᠢᠨᠢ ᠡᠪᠡᠷᠰᠢᠨ ᠬᠠᠭᠠᠷᠠᠭᠰᠠᠨ᠂
6 ᠨᠠᠰᠤ ᠮᠢᠨᠢ ᠨᠡᠬᠡᠮᠡᠯᠴᠢᠨ ᠤ ᠵᠡᠭᠦᠦ ᠡᠴᠡ ᠴᠤ ᠬᠤᠷᠳᠤᠨ ᠥᠩᠭᠡᠷᠡᠵᠦ ᠨᠠᠢᠳᠠᠪᠤᠷᠢ ᠦᠭᠡᠢ ᠪᠠᠷ ᠲᠡᠭᠦᠰᠬᠦ ᠪᠣᠯᠵᠤ ᠪᠠᠢᠨ᠎ᠠ᠃

7 ᠠᠮᠢ ᠮᠢᠨᠢ ᠠᠮᠢᠰᠬᠤᠯ ᠲᠡᠳᠦᠢ ᠭᠡᠳᠡᠭ ᠢ ᠰᠠᠨᠠᠭᠠᠴᠢ᠂ ᠪᠤᠷᠬᠠᠨ ᠮᠢᠨᠢ ᠨᠢᠳᠦ ᠮᠢᠨᠢ ᠳᠠᠬᠢᠭᠠᠳ ᠰᠠᠢᠨ ᠢ ᠦᠵᠡᠬᠦ ᠦᠭᠡᠢ᠂
8 ᠨᠠᠮᠠᠶᠢ ᠬᠠᠷᠠᠭᠴᠢ ᠨᠢᠳᠦᠨ ᠳᠦ ᠪᠢ ᠳᠠᠬᠢᠭᠠᠳ ᠥᠷᠲᠥᠬᠦ ᠦᠭᠡᠢ ᠲᠠᠨ ᠤ ᠮᠡᠯᠮᠡᠢ ᠮᠢᠨᠦ ᠳᠡᠭᠡᠷ᠎ᠡ ᠲᠤᠰᠴᠤ ᠪᠠᠢᠬᠤ ᠳᠤ᠂ ᠪᠢ ᠪᠠᠢᠬᠤ ᠦᠭᠡᠢ ᠪᠣᠯᠣᠨ᠎ᠠ᠂
9 ᠡᠭᠦᠯᠡ ᠵᠠᠮᠬᠠᠷᠠᠨ ᠣᠳᠬᠤ ᠶᠢᠨ ᠠᠳᠠᠯᠢ ᠦᠬᠦᠭᠰᠡᠳ ᠦᠨ ᠣᠷᠣᠨ ᠤᠷᠤᠭᠤ ᠪᠠᠭᠤᠭᠴᠢᠳ ᠲᠡᠨᠳᠡ ᠡᠴᠡ ᠪᠡᠨ ᠭᠠᠷᠳᠠᠭ ᠦᠭᠡᠢ᠂
10 ᠣᠷᠣᠨ ᠭᠡᠷ ᠲᠡᠭᠡᠨ ᠪᠤᠴᠠᠵᠤ ᠢᠷᠡᠬᠦ ᠦᠭᠡᠢ ᠪᠥᠭᠡᠳ ᠨᠤᠲᠤᠭ ᠨᠢ ᠲᠡᠭᠦᠨ ᠢ ᠲᠠᠨᠢᠬᠤ ᠪᠠᠨ ᠪᠣᠯᠢᠨ᠎ᠠ᠃

11 ᠡᠢᠮᠦ ᠡᠴᠡ ᠪᠢ ᠠᠮᠠ ᠪᠠᠨ ᠬᠠᠮᠬᠢᠬᠤ ᠦᠭᠡᠢ ᠰᠢᠨᠠᠯᠤᠭᠰᠠᠨ ᠰᠦᠨᠡᠰᠦ ᠪᠡᠷ ᠶᠠᠷᠢᠨ᠎ᠠ ᠰᠢᠨᠲᠠᠷᠠᠭᠰᠠᠨ ᠰᠡᠳᠬᠢᠯ ᠢᠶᠠᠷ ᠭᠣᠮᠣᠳᠠᠯᠯᠠᠨ᠎ᠠ᠂
12 ᠬᠠᠷᠢᠨ ᠪᠢ ᠨᠥᠭᠥᠭᠡ ᠲᠠᠩᠭᠢᠰ ᠤᠨ᠂ ᠲᠠᠩᠭᠢᠰ ᠤᠨ ᠮᠠᠩ᠋ᠭᠤᠰ ᠪᠣᠯᠵᠤ ᠪᠠᠢᠭ᠎ᠠ ᠤᠤ︖ ᠶᠠᠭᠠᠬᠢᠭᠠᠳ ᠲᠠ ᠨᠠᠮᠠᠶᠢ ᠡᠢᠨ ᠬᠦ ᠬᠠᠷᠠᠭᠤᠯᠳᠠᠵᠤ ᠪᠠᠢᠨ᠎ᠠ︖
13 ᠬᠡᠷᠪᠡ ᠪᠢ᠄ 〈ᠣᠷᠣ ᠮᠢᠨᠢ ᠨᠠᠮᠠᠶᠢ ᠲᠠᠢᠪᠤᠰᠢᠷᠠᠭᠤᠯᠵᠤ ᠬᠡᠪᠲᠡᠷᠢ ᠮᠢᠨᠢ ᠮᠢᠨᠦ ᠭᠣᠮᠣᠳᠠᠯ ᠢ ᠲᠠᠢᠯᠤᠨ᠎ᠠ〉 ᠭᠡᠪᠡᠯ᠂
14 ᠲᠠ ᠨᠠᠮᠠᠶᠢ ᠵᠡᠭᠦᠳᠦ ᠪᠡᠷ ᠠᠶᠤᠯᠭᠠᠵᠤ ᠦᠵᠡᠭᠳᠡᠯ ᠢᠶᠡᠷ ᠰᠦᠷᠳᠡᠭᠦᠯᠳᠡᠭ᠂
15 ᠡᠢᠨ ᠬᠦ ᠶᠠᠰᠤ ᠠᠷᠠᠰᠤ ᠪᠣᠯᠬᠤ ᠠᠴᠠ ᠪᠣᠭᠣᠮᠢᠯᠠᠵᠤ ᠦᠬᠦᠬᠦ ᠨᠢ ᠳᠡᠭᠡᠷ᠎ᠡ ᠰᠠᠨ᠃
16 ᠪᠢ ᠵᠠᠯᠬᠠᠯ᠎ᠠ ᠪᠢ ᠮᠥᠩᠬᠡ ᠠᠮᠢᠳᠤᠷᠠᠬᠤ ᠦᠭᠡᠢ ᠡᠳᠦᠷ ᠤᠳ ᠮᠢᠨᠢ ᠬᠣᠭᠣᠰᠣᠨ ᠭᠠᠭᠴᠠᠭᠠᠷ ᠢ ᠮᠢᠨᠢ ᠣᠷᠬᠢᠭᠠᠴᠢ᠂
17 ᠬᠥᠮᠦᠨ ᠭᠡᠭᠴᠢ ᠶᠠᠭᠤ ᠪᠣᠯᠣᠭᠠᠳ ᠲᠠ ᠬᠦᠨᠳᠦ ᠪᠡᠷ ᠦᠵᠡᠨ ᠲᠡᠭᠦᠨ ᠳᠦ ᠡᠢᠮᠦ ᠶᠡᠬᠡ ᠰᠠᠨᠠᠭ᠎ᠠ ᠲᠠᠯᠪᠢᠨ
18 ᠥᠷᠯᠥᠭᠡ ᠪᠦᠷᠢ ᠢᠷᠡᠵᠦ ᠭᠱᠠᠨ ᠪᠦᠷᠢ ᠳᠤ ᠰᠣᠷᠢᠨ᠎ᠠ ᠪᠤᠢ︖
19 ᠬᠡᠳᠦᠢ ᠪᠣᠯᠲᠠᠯ᠎ᠠ ᠲᠠ ᠨᠠᠳᠠ ᠠᠴᠠ ᠬᠠᠷᠠᠴᠠ ᠪᠠᠨ ᠪᠤᠷᠤᠭᠤᠯᠠᠬᠤ ᠦᠭᠡᠢ ᠪᠠᠢᠭᠰᠠᠭᠠᠷ ᠰᠢᠯᠦᠰᠦ ᠪᠡᠨ ᠵᠠᠯᠭᠢᠬᠤ ᠲᠡᠳᠦᠢᠬᠡᠨ ᠳᠦ ᠴᠤ ᠭᠠᠭᠴᠠᠭᠠᠷ ᠢ ᠮᠢᠨᠢ ᠣᠷᠬᠢᠬᠤ ᠦᠭᠡᠢ ᠶᠤᠮ ᠪᠤᠢ︖
20 ᠪᠢ ᠨᠢᠭᠦᠯ ᠦᠢᠯᠡᠳᠪᠡ ᠤᠤ︖ ᠬᠥᠮᠦᠨ ᠦ ᠬᠠᠷᠠᠭᠤᠯᠳᠠᠭᠴᠢ ᠲᠠᠨ ᠳᠤ ᠪᠢ ᠶᠠᠭᠤ ᠬᠢᠭᠰᠡᠨ ᠶᠤᠮ ᠪᠤᠢ︖ ᠶᠠᠭᠤᠨ ᠳᠤ ᠲᠠ ᠨᠠᠮᠠᠶᠢ ᠥᠪᠡᠷ ᠦᠨ ᠢᠶᠠᠨ ᠰᠣᠷ ᠪᠣᠯᠭᠠᠪᠠ︖ ᠪᠢ ᠥᠪᠡᠷ ᠲᠦ ᠲᠠᠨᠢ ᠳᠠᠷᠤᠭᠠᠰᠤ ᠪᠣᠯᠣᠭᠰᠠᠨ ᠭᠡᠵᠢ ᠤᠤ︖
21 ᠶᠠᠭᠠᠬᠢᠭᠠᠳ ᠲᠠ ᠭᠡᠮ ᠢ ᠮᠢᠨᠢ ᠥᠷᠥᠰᠢᠶᠡᠬᠦ ᠦᠭᠡᠢ᠂ ᠬᠢᠯᠢᠨᠴᠡ ᠶᠢ ᠮᠢᠨᠢ ᠠᠭᠤᠴᠢᠯᠠᠬᠤ ᠦᠭᠡᠢ ᠪᠠᠢᠭ᠎ᠠ ᠶᠤᠮ ᠪᠤᠢ︖ ᠪᠢ ᠤᠳᠠᠯ ᠦᠭᠡᠢ ᠰᠢᠷᠣᠢ ᠳᠤ ᠬᠡᠪᠲᠡᠬᠦ ᠪᠣᠯᠣᠨ᠎ᠠ ᠲᠠ ᠨᠠᠮᠠᠶᠢ ᠬᠠᠢᠭᠰᠠᠨ ᠴᠤ ᠪᠢ ᠪᠠᠢᠬᠤ ᠦᠭᠡᠢ》 ᠭᠡᠪᠡ᠃