1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠭᠤᠴᠢ ᠶᠢᠰᠦ
1 ᠶᠠᠩᠭᠢᠷ ᠤᠨ ᠲᠥᠷᠥᠬᠦ ᠴᠠᠭ ᠢ ᠴᠢ ᠮᠡᠳᠡᠳᠡᠭ ᠤᠤ︖ ᠮᠠᠷᠠᠯ ᠲᠤᠭᠤᠯᠯᠠᠬᠤ ᠶᠢ ᠴᠢ ᠦᠵᠡᠵᠦ ᠪᠠᠢᠭᠰᠠᠨ ᠤᠤ︖
2 ᠬᠡᠭᠡᠯ ᠢᠶᠡᠨ ᠲᠡᠭᠡᠭᠡᠬᠦ ᠰᠠᠷ᠎ᠠ ᠨᠤᠭᠤᠳ ᠢ ᠨᠢ ᠴᠢ ᠲᠣᠭᠠᠯᠠᠵᠤ ᠴᠢᠳᠠᠬᠤ ᠤᠤ︖ ᠲᠥᠷᠥᠬᠦ ᠴᠠᠭ ᠢ ᠨᠢ ᠴᠢ ᠮᠡᠳᠡᠳᠡᠭ ᠤᠤ︖
3 ᠲᠡᠳᠡ ᠣᠴᠣᠢᠨ ᠪᠠᠢᠵᠤ ᠦᠷ᠎ᠡ ᠲᠥᠯ ᠢᠶᠡᠨ ᠭᠠᠷᠭᠠᠭᠠᠳ ᠲᠥᠷᠥᠯᠲᠡ ᠶᠢᠨ ᠢᠶᠠᠨ ᠡᠪᠡᠳᠦᠯᠲᠡ ᠡᠴᠡ ᠪᠡᠨ ᠰᠠᠯᠳᠠᠭ ᠶᠤᠮ᠃
4 ᠦᠷ᠎ᠡ ᠲᠥᠯ ᠨᠢ ᠬᠡᠭᠡᠷ᠎ᠡ ᠲᠠᠯ᠎ᠠ ᠳᠤ ᠡᠷᠡᠭᠦᠯ ᠢᠶᠡᠷ ᠲᠣᠷᠨᠢᠭᠠᠳ ᠣᠳᠳᠠᠭ ᠲᠡᠭᠡᠭᠡᠳ ᠪᠤᠴᠠᠵᠤ ᠢᠷᠡᠳᠡᠭ ᠦᠭᠡᠢ᠃

5 ᠬᠡᠨ ᠬᠤᠯᠠᠨ ᠢ ᠰᠤᠯᠠᠯᠠᠨ ᠲᠠᠯᠪᠢᠵᠤ ᠴᠢᠳᠥᠷ ᠢ ᠨᠢ ᠲᠠᠢᠯᠳᠠᠭ ᠪᠤᠢ︖
6 ᠪᠢ ᠬᠡᠭᠡᠷ᠎ᠡ ᠲᠠᠯ᠎ᠠ ᠶᠢ ᠣᠷᠣᠨ ᠭᠡᠷ ᠨᠢ ᠪᠣᠯᠭᠠᠵᠤ ᠬᠤᠵᠢᠷ ᠲᠠᠢ ᠭᠠᠵᠠᠷ ᠢ ᠣᠷᠣᠰᠢᠬᠤ ᠨᠤᠲᠤᠭ ᠨᠢ ᠪᠣᠯᠭᠠᠭᠰᠠᠨ᠂
7 ᠲᠡᠷᠡ ᠬᠣᠲᠠ ᠶᠢᠨ ᠱᠤᠤᠭᠢᠶᠠᠨ ᠢ ᠪᠠᠰᠤᠮᠵᠢᠯᠠᠨ ᠬᠠᠷᠢᠭᠤᠯᠤᠭᠴᠢ ᠶᠢᠨ ᠣᠷᠢᠯᠠᠭᠠᠨ ᠢ ᠰᠣᠨᠣᠰᠳᠠᠭ ᠦᠭᠡᠢ᠂
8 ᠲᠡᠷᠡ ᠲᠥᠷᠥᠯ ᠪᠦᠷᠢ ᠶᠢᠨ ᠡᠪᠡᠰᠦ ᠨᠣᠭᠣᠭ᠎ᠠ ᠶᠢ ᠡᠷᠢᠵᠦ ᠥᠪᠡᠷ ᠦᠨ ᠢᠶᠠᠨ ᠪᠡᠯᠴᠢᠭᠡᠷ ᠢ ᠬᠠᠢᠨ ᠠᠭᠤᠯᠠᠰ ᠢᠶᠠᠷ ᠲᠡᠨᠦᠭᠦᠴᠢᠯᠡᠳᠡᠭ᠌᠂
9 ᠵᠡᠷᠯᠢᠭ ᠦᠬᠡᠷ ᠴᠢᠮ᠎ᠠ ᠳᠤ ᠳᠤᠷᠠᠲᠠᠢ ᠦᠢᠯᠡᠴᠢᠯᠡᠬᠦ ᠤᠤ︖ ᠬᠠᠰᠢᠶᠠᠨ ᠳᠤ ᠴᠢᠨᠢ ᠬᠣᠨᠣᠭᠯᠠᠬᠤ ᠤᠤ︖
10 ᠴᠢ ᠵᠡᠷᠯᠢᠭ ᠦᠬᠡᠷ ᠢ ᠬᠥᠯᠯᠡᠵᠦ ᠱᠠᠩ ᠲᠠᠲᠠᠭᠤᠯᠬᠤ ᠤᠤ︖ ᠠᠷᠤ ᠠᠴᠠ ᠴᠢᠨᠢ ᠲᠡᠷᠡ ᠳᠠᠭᠠᠵᠤ ᠬᠥᠨᠳᠡᠢ ᠭᠠᠵᠠᠷ ᠢ ᠬᠠᠭᠠᠯᠬᠤ ᠤᠤ︖
11 ᠬᠦᠴᠦ ᠶᠡᠬᠡᠲᠡᠢ ᠭᠡᠳ ᠴᠢ ᠲᠡᠭᠦᠨ ᠳᠦ ᠨᠠᠢᠳᠠᠵᠤ ᠬᠥᠳᠡᠯᠮᠦᠷᠢ ᠠᠵᠢᠯ ᠢᠶᠠᠨ ᠲᠡᠭᠦᠨ ᠳᠦ ᠳᠠᠭᠠᠭᠠᠯᠭᠠᠬᠤ ᠤᠤ︖
12 ᠲᠡᠷᠡ ᠦᠷ᠎ᠡ ᠲᠠᠷᠢᠶ᠎ᠠ ᠶᠢ ᠴᠢᠨᠢ ᠠᠪᠴᠢᠷᠠᠵᠤ ᠦᠲᠦᠷᠮ᠎ᠡ ᠳᠦ ᠴᠢᠨᠢ ᠬᠤᠷᠢᠶᠠᠨ᠎ᠠ ᠭᠡᠵᠦ ᠴᠢ ᠢᠲᠡᠭᠡᠬᠦ ᠤᠤ︖

13 ᠲᠡᠮᠡᠭᠡᠨ ᠬᠢᠷᠭᠤᠤᠯ ᠬᠥᠭᠡᠷᠴᠡᠭᠯᠡᠨ ᠲᠡᠪᠢᠳᠡᠭ ᠪᠣᠯᠪᠠᠴᠤ ᠲᠡᠳᠡᠨ ᠦ ᠥᠳᠥ ᠰᠣᠳᠣ ᠨᠢ ᠥᠷᠪᠢ ᠲᠠᠰ ᠤᠨ ᠬᠢ ᠲᠠᠢ ᠠᠳᠠᠯᠢ ᠦᠭᠡᠢ᠂
14 ᠲᠡᠷᠡ ᠥᠨᠳᠡᠭᠡ ᠪᠡᠨ ᠭᠠᠵᠠᠷ ᠲᠤ ᠭᠠᠷᠭᠠᠵᠤ ᠰᠢᠷᠣᠢ ᠪᠠᠷ ᠲᠡᠳᠡᠨ ᠢ ᠳᠤᠯᠠᠭᠠᠴᠠᠭᠤᠯᠳᠠᠭ ᠪᠣᠯᠪᠠᠴᠤ
15 ᠬᠡᠨ ᠨᠢᠭᠡᠨ ᠦ ᠬᠥᠯ ᠲᠡᠭᠦᠨ ᠢ ᠨᠢᠴᠠᠯᠵᠤ ᠬᠡᠭᠡᠷ᠎ᠡ ᠶᠢᠨ ᠠᠷᠢᠶᠠᠲᠠᠨ ᠲᠡᠭᠦᠨ ᠢ ᠪᠢᠴᠠᠯᠵᠤ ᠮᠡᠳᠡᠬᠦ ᠶᠢ ᠮᠠᠷᠲᠠᠨ
16 ᠦᠷ᠎ᠡ ᠵᠤᠯᠵᠠᠭ᠎ᠠ ᠳᠠᠭᠠᠨ ᠥᠪᠡᠷ ᠦᠨ ᠬᠢᠨᠢ ᠪᠢᠰᠢ ᠰᠢᠭ ᠬᠠᠲᠠᠭᠤᠷᠬᠠᠳᠠᠭ ᠥᠪᠡᠷ ᠦᠨ ᠬᠢᠨᠢ ᠵᠦᠳᠡᠷᠡᠯ ᠬᠣᠭᠣᠰᠣᠨ ᠪᠣᠯᠬᠤ ᠶᠢ ᠦᠯᠦ ᠣᠢᠰᠢᠶᠠᠳᠠᠭ᠂
17 ᠤᠴᠢᠷ ᠨᠢ ᠪᠤᠷᠬᠠᠨ ᠲᠡᠭᠦᠨ ᠳᠦ ᠣᠶᠤᠨ ᠪᠣᠳᠣᠯ ᠢ ᠵᠠᠶᠠᠭᠠᠭ᠎ᠠ ᠦᠭᠡᠢ ᠲᠡᠭᠦᠨ ᠢ ᠮᠡᠷᠭᠡᠨ ᠤᠬᠠᠭᠠᠨ ᠢᠶᠠᠷ ᠳᠤᠲᠠᠭᠳᠠᠭᠤᠯᠤᠭᠰᠠᠨ ᠪᠢᠯᠡ᠃
18 ᠭᠡᠪᠡᠴᠦ ᠲᠡᠷᠡ ᠥᠳᠥ ᠪᠡᠨ ᠪᠣᠰᠬᠠᠨ ᠭᠦᠶᠦᠬᠦ ᠳᠡᠭᠡᠨ ᠬᠦᠯᠦᠭ ᠪᠤᠶᠤ ᠮᠣᠷᠢᠲᠠᠨ ᠢ ᠲᠣᠬᠣᠭᠤᠷᠬᠠᠳᠠᠭ᠃

19 ᠬᠦᠯᠦᠭ ᠮᠣᠷᠢᠨ ᠳᠤ ᠴᠢ ᠬᠦᠴᠦ ᠴᠢᠳᠠᠯ ᠢ ᠥᠭᠳᠡᠭ ᠤᠤ︖ ᠬᠦᠵᠦᠭᠦᠦ ᠶᠢ ᠨᠢ ᠴᠢ ᠳᠡᠯ ᠢᠶᠡᠷ ᠴᠢᠮᠡᠳᠡᠭ ᠤᠤ︖
20 ᠲᠡᠭᠦᠨ ᠢ ᠴᠢ ᠴᠠᠷᠴᠠᠬᠠᠢ ᠠᠳᠠᠯᠢ ᠬᠠᠷᠠᠢᠯᠭᠠᠳᠠᠭ ᠤᠤ︖ ᠲᠡᠭᠦᠨ ᠦ ᠰᠦᠷᠲᠦ ᠳᠣᠷᠭᠢᠶᠠᠨ ᠨᠢ ᠠᠶᠤᠮᠰᠢᠭᠲᠠᠢ ᠪᠢᠯᠡ᠃
21 ᠲᠡᠷᠡ ᠬᠥᠨᠳᠡᠢ ᠳᠦ ᠳᠡᠪᠰᠡᠯᠡᠳᠡᠭ ᠬᠦᠴᠦ ᠴᠢᠳᠠᠯ ᠢᠶᠠᠷ ᠢᠶᠠᠨ ᠪᠠᠬᠠᠷᠬᠠᠳᠠᠭ ᠬᠤᠶᠠᠭ ᠵᠡᠪᠰᠡᠭ ᠲᠡᠢ ᠲᠤᠯᠬᠤ ᠪᠠᠷ ᠶᠠᠪᠤᠳᠠᠭ᠂
22 ᠲᠡᠷᠡ ᠠᠶᠤᠯ ᠢ ᠲᠣᠬᠣᠭᠤᠷᠬᠠᠳᠠᠭ ᠶᠠᠭᠤᠨ ᠠᠴᠠ ᠴᠤ ᠦᠯᠦ ᠠᠶᠤᠳᠠᠭ ᠢᠯᠳᠦᠨ ᠡᠴᠡ ᠴᠤ ᠦᠯᠦ ᠡᠷᠭᠢᠳᠡᠭ᠂
23 ᠰᠤᠮᠤ ᠰᠠᠭᠠᠳᠠᠭ ᠲᠡᠭᠦᠨ ᠦ ᠳᠡᠭᠡᠷ᠎ᠡ ᠱᠠᠵᠢᠭᠢᠨᠠᠵᠤ ᠰᠡᠯᠡᠮ᠎ᠡ ᠵᠢᠳᠠ ᠭᠢᠯᠠᠯᠵᠠᠵᠤ ᠪᠠᠢᠬᠤ ᠳᠤ
24 ᠲᠡᠷᠡ ᠰᠢᠷᠦᠭᠦᠨ ᠠᠭᠤᠷ ᠲᠠᠢ ᠪᠠᠷ ᠭᠠᠵᠠᠷ ᠳᠡᠭᠡᠭᠦᠷ ᠳᠠᠪᠬᠢᠨ᠎ᠠ ᠲᠡᠷᠡ ᠪᠦᠷᠢᠶᠡᠨ ᠳᠠᠭᠤ ᠶᠢ ᠰᠣᠨᠣᠰᠪᠠᠯ ᠵᠣᠭᠰᠣᠵᠤ ᠶᠠᠳᠠᠨ᠎ᠠ᠂
25 ᠪᠦᠷᠢᠶᠡᠨ ᠳᠠᠭᠤ ᠳᠤᠤᠭᠠᠷᠪᠠᠯ ᠲᠡᠷᠡ ᠪᠡᠷ 〈ᠢ ᠬᠤᠤ ᠬᠤᠤ〉 ᠭᠡᠵᠦ ᠪᠠᠢᠯᠳᠤᠭᠠᠨ ᠢ ᠠᠯᠤᠰ ᠠᠴᠠ ᠦᠨᠦᠷᠯᠡᠨ ᠵᠠᠩᠵᠤᠨ ᠤ ᠤᠷᠠᠢ ᠳᠠᠭᠤ ᠪᠣᠯᠣᠨ ᠴᠡᠷᠢᠭ ᠤᠨ ᠤᠤᠬᠠᠢ ᠶᠢ ᠰᠣᠨᠣᠰᠳᠠᠭ᠃

26 ᠱᠣᠩ᠋ᠬᠣᠷ ᠵᠢᠭᠦᠷ ᠢᠶᠡᠨ ᠳᠡᠯᠭᠡᠨ ᠡᠮᠦᠨ᠎ᠡ ᠵᠦᠭ ᠬᠠᠯᠢᠨ ᠨᠢᠰᠳᠡᠭ ᠨᠢ ᠴᠢᠨᠦ ᠮᠡᠷᠭᠡᠨ ᠤᠬᠠᠭᠠᠨ ᠢᠶᠠᠷ ᠪᠣᠯᠳᠠᠭ ᠤᠤ︖
27 ᠪᠦᠷᠭᠦᠳ ᠬᠥᠭᠡᠷᠦᠨ ᠨᠢᠰᠴᠦ ᠡᠭᠦᠷ ᠢᠶᠡᠨ ᠥᠨᠳᠥᠷ ᠲᠦ ᠵᠠᠰᠠᠳᠠᠭ ᠨᠢ ᠴᠢᠨᠦ ᠦᠭᠡ ᠪᠡᠷ ᠪᠣᠯᠳᠠᠭ ᠤᠤ︖
28 ᠲᠡᠷᠡ ᠬᠠᠪᠴᠢᠯ ᠳᠤ ᠰᠠᠭᠤᠵᠤ ᠲᠡᠨᠳᠡ ᠠᠮᠢᠳᠤᠷᠠᠳᠠᠭ ᠴᠠᠪᠴᠢᠮ᠎ᠠ ᠬᠠᠳᠠ ᠨᠢ ᠲᠡᠭᠦᠨ ᠦ ᠴᠠᠢᠵᠠ ᠪᠢᠯᠡ᠂
29 ᠲᠡᠨᠳᠡ ᠡᠴᠡ ᠪᠡᠨ ᠲᠡᠷᠡ ᠣᠯᠵᠠ ᠪᠠᠨ ᠬᠠᠢᠳᠠᠭ ᠲᠡᠭᠦᠨ ᠦ ᠨᠢᠳᠦ ᠠᠯᠤᠰ ᠬᠣᠯᠠ ᠠᠴᠠ ᠬᠠᠷᠠᠳᠠᠭ᠂
30 ᠦᠷ᠎ᠡ ᠵᠤᠯᠵᠠᠭ᠎ᠠ ᠨᠤᠭᠤᠳ ᠨᠢ ᠴᠢᠰᠤ ᠬᠥᠬᠥᠳᠡᠭ ᠦᠬᠦᠳᠡᠯ ᠤᠳ ᠬᠠᠮᠢᠭ᠎ᠠ ᠪᠠᠢᠪᠠᠯ᠂ ᠲᠡᠷᠡ ᠲᠡᠨᠳᠡ ᠪᠠᠢᠳᠠᠭ》 ᠭᠡᠵᠦ ᠠᠢᠯᠠᠳᠪᠠ᠃