1 2


ᠬᠠᠭᠠᠢ ᠬᠣᠶᠠᠷ
 ᠰᠢᠨ᠎ᠡ ᠥᠷᠭᠥᠭᠡᠨ ᠦ ᠴᠣᠭ ᠵᠢᠪᠬᠤᠯᠠᠩ

1 ᠳᠣᠯᠣᠳᠤᠭᠠᠷ ᠰᠠᠷ᠎ᠠ ᠶᠢᠨ ᠬᠣᠷᠢᠨ ᠨᠢᠭᠡᠨ ᠳᠦ᠂ ᠶᠣᠬᠣᠸᠠ ᠶᠢᠨ ᠦᠭᠡ ᠡᠰᠢ ᠦᠵᠡᠭᠦᠯᠦᠭᠴᠢ ᠬᠠᠭᠠᠢ ᠪᠠᠷ ᠳᠠᠮᠵᠢᠭᠤᠯᠤᠨ ᠢᠷᠡᠭᠰᠡᠨ ᠨᠢ᠄ 2 《ᠶᠦᠳᠠ ᠶᠢᠨ ᠵᠠᠬᠢᠷᠤᠭᠴᠢ᠂ ᠱᠠᠯᠲ᠋ᠢᠶᠧᠯ ᠤᠨ ᠬᠥᠪᠡᠭᠦᠨ ᠽᠣᠷᠣᠪᠠᠪᠧᠯ᠂ ᠲᠡᠷᠢᠭᠦᠨ ᠲᠠᠬᠢᠯᠴᠢ᠂ ᠶᠧᠬᠣᠽᠠᠳᠠᠺ ᠤᠨ ᠬᠥᠪᠡᠭᠦᠨ ᠶᠣᠱᠦ᠋ᠶ᠎ᠠ ᠪᠣᠯᠣᠨ ᠦᠯᠡᠳᠡᠭᠰᠡᠨ ᠠᠷᠠᠳ ᠲᠦᠮᠡᠨ ᠳᠦ ᠢᠩᠭᠢᠵᠦ ᠶᠠᠷᠢ᠄ 3 〈ᠲᠠ ᠨᠠᠷ ᠤᠨ ᠳᠤᠮᠳᠠᠬᠢ ᠦᠯᠡᠳᠡᠭᠰᠡᠨ ᠬᠥᠮᠦᠰ ᠡᠴᠡ ᠡᠨᠡ ᠥᠷᠭᠥᠭᠡᠨ ᠦ ᠤᠷᠢᠳᠤ ᠶᠢᠨ ᠴᠣᠭ ᠵᠢᠪᠬᠤᠯᠠᠩ ᠢ ᠦᠵᠡᠭᠰᠡᠨ ᠬᠥᠮᠦᠨ ᠪᠠᠢᠨ᠎ᠠ ᠤᠤ︖ ᠣᠳᠣ ᠡᠨᠡ ᠥᠷᠭᠥᠭᠡ ᠲᠠ ᠨᠠᠷ ᠲᠤ ᠶᠠᠮᠠᠷᠬᠠᠨ ᠬᠠᠷᠠᠭᠳᠠᠵᠤ ᠪᠠᠢᠨ᠎ᠠ︖ ᠲᠠ ᠨᠠᠷ ᠤᠨ ᠨᠢᠳᠦᠨ ᠳᠦ ᠶᠠᠭᠤ ᠴᠤ ᠪᠢᠰᠢ ᠮᠡᠲᠦ ᠪᠠᠢᠨ᠎ᠠ ᠤᠤ︖ 4 ᠣᠳᠣ ᠽᠣᠷᠣᠪᠠᠪᠧᠯ ᠡ᠂ ᠲᠤᠤᠱᠲᠠᠢ ᠪᠠᠢ᠃〉 ᠶᠣᠬᠣᠸᠠ ᠠᠢᠯᠠᠳᠴᠤ ᠪᠠᠢᠨ᠎ᠠ᠃ 〈ᠲᠡᠷᠢᠭᠦᠨ ᠲᠠᠬᠢᠯᠴᠢ᠂ ᠶᠧᠬᠣᠽᠠᠳᠠᠺ ᠤᠨ ᠬᠥᠪᠡᠭᠦᠨ ᠶᠣᠱᠦ᠋ᠶ᠎ᠠ ᠡ᠂ ᠲᠤᠤᠱᠲᠠᠢ ᠪᠠᠢ᠃ ᠡᠨᠡ ᠨᠤᠲᠤᠭ ᠤᠨ ᠪᠦᠭᠦᠳᠡ ᠲᠤᠤᠱᠲᠠᠢ ᠪᠠᠢ᠃〉 ᠶᠣᠬᠣᠸᠠ ᠠᠢᠯᠠᠳᠴᠤ ᠪᠠᠢᠨ᠎ᠠ᠃ 〈ᠲᠠ ᠨᠠᠷ ᠠᠵᠢᠯᠯᠠᠵᠠᠭ᠎ᠠ᠂ ᠪᠢ ᠲᠠ ᠨᠠᠷ ᠲᠠᠢ ᠬᠠᠮᠲᠤ ᠪᠠᠢᠨ᠎ᠠ᠃〉 ᠠᠤᠭ᠎ᠠ ᠬᠦᠴᠦᠲᠦ ᠶᠣᠬᠣᠸᠠ᠄ 5 〈ᠶᠧᠵᠢᠫᠲ ᠡᠴᠡ ᠭᠠᠷᠬᠤ ᠦᠶ᠎ᠡ ᠳᠦ ᠴᠢᠨᠢ ᠲᠠ ᠨᠠᠷ ᠲᠠᠢ ᠪᠠᠢᠭᠤᠯᠤᠭᠰᠠᠨ ᠭᠡᠷ᠎ᠡ ᠶᠢᠨ ᠢᠶᠠᠨ ᠳᠠᠭᠠᠤ ᠠᠢᠯᠠᠳᠴᠤ ᠪᠠᠢᠨ᠎ᠠ᠂ ᠮᠢᠨᠦ ᠰᠦᠨᠡᠰᠦ ᠲᠠ ᠨᠠᠷ ᠤᠨ ᠳᠤᠮᠳᠠ ᠪᠠᠢᠭᠰᠠᠭᠠᠷ ᠪᠠᠢᠨ᠎ᠠ᠂ ᠲᠠ ᠨᠠᠷ ᠪᠦᠦ ᠠᠶᠤ᠃〉 6 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠤᠳᠠᠯ ᠦᠭᠡᠢ ᠪᠢ ᠳᠠᠬᠢᠨ ᠨᠢᠭᠡ ᠤᠳᠠᠭ᠎ᠠ ᠲᠩᠷᠢ ᠪᠠ ᠭᠠᠵᠠᠷ᠂ ᠳᠠᠯᠠᠢ ᠪᠠ ᠬᠠᠭᠤᠷᠠᠢ ᠶᠢ ᠰᠡᠭᠰᠦᠷᠬᠦ ᠭᠡᠵᠦ ᠪᠠᠢᠨ᠎ᠠ᠃ 7 ᠪᠢ ᠮᠥᠨ ᠪᠦᠬᠦ ᠦᠨᠳᠦᠰᠦᠲᠡᠨ ᠢ ᠰᠡᠭᠰᠦᠷᠬᠦ ᠳᠦ᠂ ᠪᠦᠬᠦ ᠦᠨᠳᠦᠰᠦᠲᠡᠨ ᠦ ᠡᠷᠡᠮᠡᠯᠵᠡᠯ 1 ᠢᠷᠡᠨ᠎ᠡ᠃ ᠪᠢ ᠡᠨᠡ ᠥᠷᠭᠥᠭᠡ ᠶᠢ ᠴᠣᠭ ᠵᠢᠪᠬᠤᠯᠠᠩ ᠢᠶᠠᠷ ᠳᠦᠭᠦᠷᠭᠡᠬᠦ ᠪᠣᠯᠣᠨ᠎ᠠ᠂〉 ᠠᠤᠭ᠎ᠠ ᠬᠦᠴᠦᠲᠦ ᠶᠣᠬᠣᠸᠠ ᠠᠢᠯᠠᠳᠤᠯ᠎ᠠ᠃ 8 〈ᠮᠥᠩᠭᠥ ᠮᠢᠨᠦᠬᠢ᠂ ᠠᠯᠲᠠ ᠴᠤ ᠮᠢᠨᠦᠬᠢ᠂〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 9 〈ᠡᠨᠡ ᠥᠷᠭᠥᠭᠡᠨ ᠦ ᠬᠣᠵᠢᠮ ᠤᠨ ᠴᠣᠭ ᠵᠢᠪᠬᠤᠯᠠᠩ᠂ ᠤᠷᠢᠳᠤ ᠶᠢᠨ ᠬᠢ ᠡᠴᠡ ᠪᠡᠨ ᠠᠤᠭ᠎ᠠ ᠪᠠᠢᠬᠤ ᠪᠣᠯᠣᠨ᠎ᠠ᠂〉 ᠠᠤᠭ᠎ᠠ ᠬᠦᠴᠦᠲᠦ ᠶᠣᠬᠣᠸᠠ ᠠᠢᠯᠠᠳᠤᠯ᠎ᠠ᠃ 〈ᠡᠨᠡ ᠭᠠᠵᠠᠷ ᠲᠤ ᠪᠢ ᠠᠮᠤᠷ ᠠᠮᠤᠭᠤᠯᠠᠩ ᠢ ᠥᠭᠭᠥᠨ᠎ᠡ᠂〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ》 ᠭᠡᠪᠡ᠃
 ᠵᠢᠮᠡᠯᠡᠯ ᠪᠠ ᠤᠷᠮᠠᠰᠢᠭᠤᠯᠤᠯ

10 ᠳ᠋ᠠᠷᠢᠶᠦ᠋ ᠬᠠᠭᠠᠨ ᠤ ᠬᠣᠶᠠᠳᠠᠬᠢ ᠵᠢᠯ ᠤᠨ ᠶᠢᠰᠦᠳᠦᠭᠡᠷ ᠰᠠᠷ᠎ᠠ ᠶᠢᠨ ᠬᠣᠷᠢᠨ ᠳᠥᠷᠪᠡᠨ ᠳᠦ᠂ ᠶᠣᠬᠣᠸᠠ ᠶᠢᠨ ᠦᠭᠡ ᠡᠰᠢ ᠦᠵᠡᠭᠦᠯᠦᠭᠴᠢ ᠬᠠᠭᠠᠢ ᠳᠤ ᠢᠷᠡᠵᠦ᠄ 11 《ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢ ᠲᠠᠬᠢᠯᠴᠢᠳ ᠠᠴᠠ ᠬᠠᠤᠯᠢ ᠶᠢ ᠠᠰᠠᠭᠤ〉 ᠭᠡᠰᠡᠨ ᠳᠦ᠂ ᠲᠡᠷᠡ᠄ 12 〈ᠬᠥᠮᠦᠨ ᠠᠷᠢᠭᠤᠨ ᠮᠢᠬ᠎ᠠ ᠶᠢ ᠬᠤᠪᠴᠠᠰᠤᠨ ᠳᠠᠭᠠᠨ ᠬᠣᠷᠮᠣᠢᠯᠠᠵᠤ ᠠᠪᠠᠴᠢᠭᠰᠠᠨ ᠲᠣᠬᠢᠶᠠᠯᠳᠤᠯ ᠳᠤ᠂ ᠲᠡᠷᠡ ᠨᠢ ᠪᠣᠣᠪᠣ᠂ ᠱᠥᠯᠥ᠂ ᠳᠠᠷᠠᠰᠤ᠂ ᠲᠣᠰᠣ᠂ ᠡᠰᠡᠪᠡᠯ ᠥᠭᠡᠷ᠎ᠡ ᠬᠣᠭᠣᠯᠠᠨ ᠳᠤ ᠬᠦᠷᠪᠡᠯ ᠬᠣᠭᠣᠯᠠ ᠨᠢ ᠠᠷᠢᠭᠤᠨ ᠪᠣᠯᠬᠤ ᠤᠤ︖〉 ᠭᠡᠬᠦ ᠳᠦ᠂ ᠲᠠᠬᠢᠯᠴᠢᠳ᠄ 〈ᠦᠭᠡᠢ〉 ᠭᠡᠵᠡᠭᠡᠪᠡ᠃ 13 ᠬᠠᠭᠠᠢ᠄ 〈ᠬᠡᠭᠦᠷ ᠲᠦ ᠬᠦᠷᠴᠦ ᠪᠤᠵᠠᠷᠲᠤᠭᠰᠠᠨ ᠬᠥᠮᠦᠨ ᠲᠡᠳᠡᠭᠡᠷ ᠦᠨ ᠠᠯᠢ ᠨᠢᠭᠡᠨ ᠳᠦᠨᠢ ᠬᠦᠷᠪᠡᠯ ᠬᠣᠭᠣᠯᠠ ᠪᠤᠵᠠᠷ ᠪᠣᠯᠬᠤ ᠤᠤ︖〉 ᠭᠡᠬᠦ ᠳᠦ᠂ ᠲᠠᠬᠢᠯᠴᠢᠳ᠄ 〈ᠪᠤᠵᠠᠷ ᠪᠣᠯᠣᠨ᠎ᠠ〉 ᠭᠡᠵᠡᠭᠡᠯ᠎ᠡ᠃ 14 ᠬᠠᠭᠠᠢ ᠬᠠᠷᠢᠭᠤ ᠳᠤᠨᠢ᠄ 〈ᠡᠨᠡ ᠠᠷᠠᠳ ᠲᠦᠮᠡᠨ᠂ ᠡᠨᠡ ᠦᠨᠳᠦᠰᠦᠲᠡᠨ ᠮᠢᠨᠦ ᠡᠮᠦᠨ᠎ᠡ ᠶᠠᠭ ᠡᠢᠮᠦ ᠪᠠᠢᠨ᠎ᠠ〉 ᠶᠣᠬᠣᠸᠠ ᠠᠢᠯᠠᠳᠴᠤ ᠪᠠᠢᠨ᠎ᠠ᠃ 〈ᠲᠡᠳᠡᠨ ᠦ ᠭᠠᠷ ᠤᠨ ᠠᠵᠢᠯ ᠪᠣᠯᠭᠠᠨ ᠨᠢ ᠴᠤ ᠲᠡᠢᠮᠦ᠂ ᠲᠡᠳᠡᠨ ᠦ ᠲᠡᠨᠳᠡ ᠡᠷᠭᠦᠭᠰᠡᠨ ᠪᠣᠯᠭᠠᠨ ᠨᠢ ᠴᠤ ᠪᠤᠵᠠᠷ ᠶᠤᠮ᠃ 15 ᠣᠳᠣ ᠲᠠ ᠨᠠᠷ ᠥᠨᠥᠳᠥᠷ ᠡᠴᠡ ᠡᠬᠢᠯᠡᠨ ᠪᠣᠯᠬᠤ ᠵᠦᠢᠯ ᠢ ᠠᠩ᠋ᠬᠠᠷᠤᠭᠲᠤᠨ᠃ ᠶᠣᠬᠣᠸᠠ ᠶᠢᠨ ᠥᠷᠭᠥᠭᠡᠨ ᠦ ᠨᠢᠭᠡ ᠴᠢᠯᠠᠭᠤ ᠨᠢ ᠨᠥᠭᠥᠭᠡ ᠳᠡᠭᠡᠷ᠎ᠡ ᠪᠡᠨ ᠲᠠᠯᠪᠢᠭᠳᠠᠬᠤ ᠠᠴᠠ ᠡᠮᠦᠨ᠎ᠡ᠂ 16 ᠬᠥᠮᠦᠨ ᠬᠣᠷᠢᠨ ᠪᠣᠭᠣᠵᠢ ᠲᠠᠷᠢᠶ᠎ᠠ ᠠᠪᠬᠤ ᠪᠠᠷ ᠣᠴᠢᠪᠠᠯ᠂ ᠠᠷᠪᠠ ᠯᠠ ᠪᠠᠢᠵᠤ᠂ ᠦᠵᠦᠮ ᠦᠨ ᠳᠠᠷᠠᠰᠤᠨ ᠤ ᠲᠣᠷᠬᠠᠨ ᠠᠴᠠ ᠲᠠᠪᠢᠨ ᠰᠠᠭᠤᠯᠠᠭ᠎ᠠ ᠠᠪᠬᠤ ᠪᠠᠷ ᠣᠴᠢᠪᠠᠯ᠂ ᠬᠣᠷᠢᠨ ᠰᠠᠭᠤᠯᠠᠭ᠎ᠠ ᠯᠠ ᠪᠠᠢᠳᠠᠭ ᠪᠠᠢᠭᠰᠠᠨ᠃ 17 ᠲᠡᠢᠨ ᠬᠦ ᠪᠢ ᠭᠠᠷ ᠤᠨ ᠴᠢᠨᠢ ᠪᠦᠬᠦ ᠠᠵᠢᠯ ᠢ ᠰᠢᠪᠠᠵᠢ᠂ ᠬᠥᠭᠡᠴᠦ ᠪᠠ ᠮᠥᠨᠳᠥᠷ ᠢᠶᠡᠷ ᠴᠣᠬᠢᠭᠰᠠᠨ ᠪᠣᠯᠪᠠᠴᠤ ᠲᠠ ᠨᠠᠷ ᠨᠠᠳᠠ ᠤᠷᠤᠭᠤ ᠡᠷᠭᠢᠬᠦ ᠦᠭᠡᠢ ᠪᠠᠢᠭᠰᠠᠨ᠃〉 ᠶᠣᠬᠣᠸᠠ ᠠᠢᠯᠠᠳᠴᠤ ᠪᠠᠢᠨ᠎ᠠ᠄ 18 〈ᠲᠠ ᠨᠠᠷ ᠶᠣᠬᠣᠸᠠ ᠶᠢᠨ ᠥᠷᠭᠥᠭᠡᠨ ᠦ ᠰᠠᠭᠤᠷᠢ ᠶᠢ ᠲᠠᠯᠪᠢᠭᠰᠠᠨ ᠥᠨᠥᠳᠥᠷ᠂ ᠶᠢᠰᠦᠳᠦᠭᠡᠷ ᠰᠠᠷ᠎ᠠ ᠶᠢᠨ ᠬᠣᠷᠢᠨ ᠳᠥᠷᠪᠡᠨ ᠦ ᠡᠳᠦᠷ ᠡᠴᠡ ᠡᠬᠢᠯᠡᠨ ᠶᠠᠭᠤ ᠪᠣᠯᠬᠤ ᠶᠢ ᠠᠩ᠋ᠬᠠᠷᠤᠭᠲᠤᠨ᠂ 19 ᠣᠳᠣ ᠬᠥᠮᠥᠷᠭᠡ ᠳᠦ ᠦᠷ᠎ᠡ ᠠᠯᠠᠭ᠎ᠠ ᠪᠢᠵᠡ︖ ᠦᠵᠦᠮ᠂ ᠢᠨᠵᠢᠷ ᠤᠨ ᠮᠣᠳᠣ᠂ ᠠᠨᠠᠷ᠂ ᠴᠢᠳᠦᠨ ᠮᠣᠳᠣ ᠵᠢᠮᠢᠰ ᠰᠠᠭᠤᠯᠭᠠᠭ᠎ᠠ ᠦᠭᠡᠢ ᠪᠢᠵᠡ︖ ᠬᠠᠷᠢᠨ ᠥᠨᠥᠳᠥᠷ ᠡᠴᠡ ᠡᠬᠢᠯᠡᠨ ᠪᠢ ᠲᠠ ᠨᠠᠷ ᠢ ᠢᠷᠥᠭᠡᠨ᠎ᠡ〉》 ᠭᠡᠪᠡ᠃
 ᠽᠣᠷᠣᠪᠠᠪᠧᠯ ᠰᠣᠩ᠋ᠭᠣᠭᠳᠠᠪᠠ

20 ᠲᠡᠷᠡ ᠰᠠᠷ᠎ᠠ ᠶᠢᠨ ᠬᠣᠷᠢᠨ ᠳᠥᠷᠪᠡᠨ ᠳᠦ᠂ ᠶᠣᠬᠣᠸᠠ ᠶᠢᠨ ᠦᠭᠡ ᠬᠠᠭᠠᠢ ᠳᠤ ᠬᠣᠶᠠᠳᠠᠬᠢ ᠤᠳᠠᠭ᠎ᠠ ᠪᠠᠨ ᠢᠷᠡᠭᠰᠡᠨ ᠨᠢ᠄ 21 《ᠶᠦᠳᠠ ᠶᠢᠨ ᠵᠠᠬᠢᠷᠤᠭᠴᠢ ᠽᠣᠷᠣᠪᠠᠪᠧᠯ ᠳᠤ ᠶᠠᠷᠢ᠄ 〈ᠪᠢ ᠲᠩᠷᠢ ᠭᠠᠵᠠᠷ ᠢ ᠰᠡᠭᠰᠦᠷᠬᠦ ᠭᠡᠵᠦ ᠪᠠᠢᠨ᠎ᠠ᠃ 22 ᠪᠢ ᠬᠠᠭᠠᠨᠴᠢᠯᠠᠯ ᠤᠳ ᠤᠨ ᠰᠡᠨᠲᠢ ᠨᠦᠭᠦᠳ ᠢ ᠬᠥᠮᠥᠷᠢᠵᠦ᠂ ᠦᠨᠳᠦᠰᠦᠲᠡᠨ ᠨᠦᠭᠦᠳ ᠦᠨ ᠬᠠᠭᠠᠨᠴᠢᠯᠠᠯ ᠤᠳ ᠤᠨ ᠬᠦᠴᠦ ᠶᠢ ᠰᠥᠨᠥᠭᠡᠨ᠎ᠡ᠃ ᠪᠢ ᠲᠡᠷᠭᠡ ᠨᠦᠭᠦᠳ ᠢ ᠲᠡᠷᠭᠡᠴᠢᠳ ᠲᠠᠢ ᠨᠢ ᠬᠠᠮᠲᠤ ᠬᠥᠮᠥᠷᠢᠨ᠎ᠡ᠂ ᠮᠣᠷᠢᠳ ᠪᠠ ᠮᠣᠷᠢᠲᠠᠨ ᠤᠨᠠᠨ᠎ᠠ᠂ ᠬᠥᠮᠦᠨ ᠪᠣᠯᠭᠠᠨ ᠠᠬ᠎ᠠ ᠳᠡᠭᠦᠦᠰ ᠦᠨ ᠢᠶᠠᠨ ᠢᠯᠳᠦᠨ ᠳᠦ ᠤᠨᠠᠨ᠎ᠠ᠃〉 23 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 〈ᠱᠠᠯᠲ᠋ᠢᠶᠧᠯ ᠤᠨ ᠬᠥᠪᠡᠭᠦᠨ ᠮᠢᠨᠦ ᠵᠠᠷᠤᠴᠠ ᠽᠣᠷᠣᠪᠠᠪᠧᠯ ᠡ᠂ ᠶᠣᠬᠣᠸᠠ ᠠᠢᠯᠠᠳᠴᠤ ᠪᠠᠢᠨ᠎ᠠ᠂ ᠪᠢ ᠴᠢᠮᠠᠶᠢ ᠰᠢᠯᠢᠵᠦ ᠠᠪᠤᠭᠰᠠᠨ ᠲᠤᠯᠠ ᠲᠡᠷᠡ ᠡᠳᠦᠷ ᠪᠢ ᠴᠢᠮ᠎ᠠ ᠶᠢ ᠲᠠᠮᠠᠭᠠᠲᠤ ᠪᠥᠭᠡᠵᠢ ᠪᠠᠨ ᠪᠣᠯᠭᠠᠨ᠎ᠠ᠃〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃》