ᠧᠹᠧᠰ ᠭᠤᠷᠪᠠ
ᠪᠤᠷᠬᠠᠨ ᠤ ᠢᠪᠡᠭᠡᠯ ᠬᠠᠷᠢ ᠦᠨᠳᠦᠰᠦᠲᠡᠨ ᠳᠦ
1 ᠲᠡᠢᠮᠦ ᠶᠢᠨ ᠲᠤᠯᠠᠳᠠ ᠫᠠᠦ᠋ᠯ ᠪᠢ ᠬᠠᠷᠢ ᠦᠨᠳᠦᠰᠦᠲᠡᠨ ᠲᠠ ᠨᠠᠷ ᠤᠨ ᠲᠥᠯᠥᠭᠡ ᠾᠷᠢᠰᠲ᠋ᠣᠰ ᠢᠰᠦ᠋ᠰ ᠡᠴᠡ ᠪᠣᠯᠵᠤ ᠬᠣᠷᠢᠭᠳᠠᠯ ᠪᠣᠯᠣᠭᠰᠠᠨ᠃ 2 ᠲᠠ ᠨᠠᠷ ᠤᠨ ᠲᠥᠯᠥᠭᠡ ᠪᠤᠷᠬᠠᠨ ᠤ ᠨᠠᠳᠠ ᠳᠤ ᠰᠣᠶᠣᠷᠬᠠᠭᠰᠠᠨ ᠢᠪᠡᠭᠡᠯᠲᠦ ᠲᠤᠰᠢᠶᠠᠯ ᠤᠨ ᠲᠤᠬᠠᠢ᠂ 3 ᠪᠠᠰᠠ ᠲᠡᠷᠡ ᠨᠢᠭᠤᠴᠠ ᠨᠠᠳᠠ ᠳᠤ ᠬᠡᠷᠬᠢᠨ ᠢᠯᠡᠷᠬᠡᠶᠢᠯᠡᠯᠭᠡ ᠪᠡᠷ ᠮᠡᠳᠡᠭᠳᠡᠭᠰᠡᠨ ᠦ ᠲᠤᠬᠠᠢ ᠲᠠ ᠨᠠᠷ ᠰᠣᠨᠣᠰᠣᠭᠰᠠᠨ ᠪᠠᠢᠬ᠎ᠠ᠂ ᠡᠨᠡ ᠲᠠᠯ᠎ᠠ ᠪᠠᠷ ᠪᠢ ᠤᠷᠢᠳᠤ ᠨᠢ ᠳᠥᠭᠥᠮ ᠪᠢᠴᠢᠭᠰᠡᠨ ᠲᠤᠯᠠ 4 ᠲᠠ ᠨᠠᠷ ᠲᠡᠭᠦᠨ ᠢ ᠤᠩ᠋ᠰᠢᠪᠠᠯ ᠾᠷᠢᠰᠲ᠋ᠣᠰ ᠤᠨ ᠨᠢᠭᠤᠴᠠ ᠶᠢᠨ ᠲᠤᠬᠠᠢ ᠣᠢᠯᠠᠭᠠᠭᠰᠠᠨ ᠢ ᠮᠢᠨᠢ ᠮᠡᠳᠡᠷᠡᠵᠦ ᠴᠢᠳᠠᠨ᠎ᠠ᠃ 5 ᠡᠨᠡ ᠨᠢᠭᠤᠴᠠ ᠡᠳᠦᠭᠡ ᠲᠡᠭᠦᠨ ᠦ ᠠᠷᠢᠭᠤᠨ ᠰᠢᠳᠠᠷ ᠱᠠᠪᠢ ᠨᠠᠷ ᠪᠠ ᠡᠰᠢ ᠦᠵᠡᠭᠦᠯᠦᠭᠴᠢᠳ ᠲᠤ ᠠᠷᠢᠭᠤᠨ ᠰᠦᠨᠡᠰᠦ ᠪᠡᠷ ᠳᠠᠮᠵᠢᠨ ᠢᠯᠡᠷᠬᠡᠶᠢᠯᠡᠭᠳᠡᠭᠰᠡᠨ ᠪᠣᠯᠪᠠᠴᠤ ᠤᠷᠢᠳᠤ ᠦᠶ᠎ᠡ ᠳᠦ ᠬᠥᠮᠦᠨ ᠲᠥᠷᠥᠯᠬᠢᠲᠡᠨ ᠳᠦ ᠬᠠᠷᠢᠨ ᠥᠨᠥ ᠶᠢᠨ ᠰᠢᠭ ᠮᠡᠳᠡᠭᠳᠡᠭᠰᠡᠨ ᠦᠭᠡᠢ᠃ 6 ᠲᠡᠷᠡ ᠨᠢᠭᠤᠴᠠ ᠪᠣᠯ᠄ ᠪᠠᠶᠠᠷ ᠤᠨ ᠮᠡᠳᠡᠭᠡᠨ ᠦ ᠠᠴᠢ ᠪᠠᠷ ᠬᠠᠷᠢᠴᠤᠳ ᠢᠰᠦ᠋ᠰ ᠾᠷᠢᠰᠲ᠋ᠣᠰ ᠤᠨ ᠳᠣᠲᠣᠷ᠎ᠠ ᠢᠰᠷᠧᠯ ᠲᠠᠢ ᠬᠠᠮᠲᠤ ᠨᠢᠭᠡ ᠥᠪ ᠦᠨ ᠵᠠᠯᠭᠠᠮᠵᠢᠯᠠᠭᠴᠢ᠂ ᠨᠢᠭᠡ ᠪᠡᠶ᠎ᠡ᠂ ᠨᠢᠭᠡ ᠠᠮᠠᠯᠠᠯᠲᠠ ᠶᠢᠨ ᠬᠤᠪᠢᠶᠠᠯᠴᠠᠭᠴᠢ ᠪᠣᠯᠣᠨ᠎ᠠ᠃
7 ᠨᠠᠮᠠᠶᠢ ᠦᠢᠯᠡᠴᠢᠯᠡᠭᠴᠢ ᠪᠣᠯᠭᠠᠭᠰᠠᠨ ᠨᠢ ᠪᠤᠷᠬᠠᠨ ᠤ ᠢᠪᠡᠭᠡᠯᠲᠦ ᠰᠣᠶᠣᠷᠬᠠᠯ ᠶᠤᠮ᠃ ᠪᠤᠷᠬᠠᠨ ᠡᠭᠦᠨ ᠢ ᠬᠦᠴᠦᠲᠦ ᠦᠢᠯᠡ ᠶᠢᠨ ᠢᠶᠠᠨ ᠳᠠᠭᠠᠤ ᠨᠠᠳᠠ ᠳᠤ ᠥᠭᠭᠥᠭᠰᠡᠨ᠃ 8 ᠬᠠᠮᠤᠭ ᠠᠷᠢᠭᠤᠨ ᠬᠥᠮᠦᠨ ᠦ ᠳᠤᠮᠳᠠ ᠬᠠᠮᠤᠭ ᠤᠨ ᠥᠴᠦᠬᠡᠨ ᠨᠠᠳᠠ ᠳᠤ ᠡᠨᠡ ᠢᠪᠡᠭᠡᠯ ᠢ ᠰᠣᠶᠣᠷᠬᠠᠭᠰᠠᠨ ᠨᠢ ᠾᠷᠢᠰᠲ᠋ᠣᠰ ᠤᠨ ᠬᠡᠮᠵᠢᠶᠡᠯᠡᠰᠢ ᠦᠭᠡᠢ ᠪᠠᠶᠠᠯᠢᠭ ᠢ ᠬᠠᠷᠢ ᠦᠨᠳᠦᠰᠦᠲᠡᠨ ᠳᠦ ᠲᠤᠩ᠋ᠬᠠᠭᠯᠠᠬᠤ ᠶᠢᠨ ᠲᠤᠯᠠᠳᠠ᠂ 9 ᠪᠠᠰᠠ ᠪᠦᠬᠦᠨ ᠢ ᠪᠦᠲᠦᠭᠡᠭᠰᠡᠨ ᠪᠤᠷᠬᠠᠨ ᠤ ᠳᠣᠲᠣᠷ᠎ᠠ ᠥᠨᠢ ᠡᠷᠲᠡᠨ ᠡᠴᠡ ᠳᠠᠯᠳᠠᠯᠠᠭᠳᠠᠵᠤ ᠪᠤᠢ ᠨᠢᠭᠤᠴᠠ ᠲᠥᠯᠥᠪᠯᠡᠭᠡ ᠨᠢ ᠶᠠᠭᠤ ᠪᠣᠯᠬᠤ ᠶᠢ ᠪᠦᠭᠦᠳᠡ ᠳᠦ ᠢᠯᠡᠷᠡᠭᠦᠯᠬᠦ ᠶᠢᠨ ᠲᠤᠯᠠᠳᠠ ᠶᠤᠮ᠃ 10 ᠡᠢᠨ ᠬᠦ ᠲᠩᠷᠢ ᠳᠡᠭᠡᠷᠡᠬᠢ ᠵᠠᠬᠢᠷᠤᠭᠴᠢᠳ ᠪᠠ ᠡᠷᠬᠡ ᠪᠠᠷᠢᠭᠴᠢᠳ ᠴᠢᠭᠤᠯᠭᠠᠨ ᠢ ᠬᠠᠷᠠᠭᠰᠠᠨ ᠢᠶᠠᠷ᠂ ᠪᠤᠷᠬᠠᠨ ᠤ ᠣᠯᠠᠨ ᠲᠠᠯᠠᠲᠤ ᠮᠡᠷᠭᠡᠨ ᠤᠬᠠᠭᠠᠨ ᠢ ᠣᠳᠣ ᠮᠡᠳᠡᠬᠦ ᠪᠣᠯᠣᠯ᠎ᠠ᠃ 11 ᠡᠨᠡ ᠪᠦᠬᠦᠨ ᠨᠢ ᠪᠢᠳᠡᠨ ᠦ ᠡᠵᠡᠨ ᠾᠷᠢᠰᠲ᠋ᠣᠰ ᠢᠰᠦ᠋ᠰ ᠤᠨ ᠳᠣᠲᠣᠷ᠎ᠠ ᠪᠤᠷᠬᠠᠨ ᠤ ᠪᠡᠶᠡᠯᠡᠭᠦᠯᠦᠭᠰᠡᠨ ᠮᠥᠩᠬᠡ ᠶᠢᠨ ᠵᠣᠷᠢᠯᠭ᠎ᠠ ᠶᠢᠨ ᠶᠣᠰᠣᠭᠠᠷ ᠪᠣᠯᠣᠯ᠎ᠠ᠃ 12 ᠪᠢᠳᠡ ᠾᠷᠢᠰᠲ᠋ᠣᠰ ᠲᠤ ᠢᠲᠡᠭᠡᠳᠡᠭ ᠢᠶᠡᠷ ᠢᠶᠠᠨ ᠵᠣᠷᠢᠭᠲᠠᠢ᠂ ᠢᠲᠡᠭᠡᠯ ᠲᠡᠢ ᠪᠠᠷ ᠪᠤᠷᠬᠠᠨ ᠳᠤ ᠣᠴᠢᠬᠤ ᠪᠣᠯᠣᠯ᠎ᠠ᠃ 13 ᠡᠢᠮᠦ ᠡᠴᠡ ᠲᠠ ᠨᠠᠷ ᠠᠴᠠ ᠭᠤᠶᠤᠶ᠎ᠠ᠂ ᠲᠠ ᠨᠠᠷ ᠤᠨ ᠡᠮᠦᠨ᠎ᠡ ᠡᠴᠡ ᠮᠢᠨᠦ ᠵᠣᠪᠠᠯᠠᠩ ᠠᠮᠰᠠᠵᠤ ᠪᠠᠢᠭ᠎ᠠ ᠳᠤ ᠪᠦᠦ ᠰᠢᠨᠲᠠᠷᠠ᠃ ᠡᠨᠡ ᠪᠣᠯ ᠲᠠ ᠨᠠᠷ ᠤᠨ ᠢᠷᠠᠭᠤ ᠠᠯᠳᠠᠷ ᠪᠢᠯᠡ᠃
ᠴᠢᠭᠤᠯᠭᠠᠨ ᠳᠤ ᠬᠦᠴᠦ ᠴᠢᠳᠠᠯ ᠢ ᠭᠤᠶᠤᠬᠤ
14 ᠲᠩᠷᠢ ᠪᠠ ᠭᠠᠵᠠᠷ ᠳᠡᠭᠡᠷᠡᠬᠢ ᠭᠡᠷ ᠪᠦᠯᠢ ᠶᠢᠨ ᠬᠢᠨ ᠪᠣᠯᠭᠠᠨ ᠳᠠᠭᠠᠨ 15 ᠨᠡᠷ᠎ᠡ ᠰᠣᠶᠣᠷᠬᠠᠳᠠᠭ ᠡᠴᠢᠭᠡ ᠶᠢᠨ ᠡᠮᠦᠨ᠎ᠡ ᠪᠢ ᠡᠪᠦᠳᠦᠭ ᠰᠥᠭᠥᠳᠥᠨ ᠳᠠᠭᠠᠳᠬᠠᠬᠤ ᠳᠠᠭᠠᠨ᠂ 16 ᠲᠡᠷᠡ ᠠᠯᠳᠠᠷ ᠰᠤᠤ ᠶᠢᠨ ᠪᠠᠶᠠᠯᠢᠭ ᠠᠴᠠ ᠪᠠᠨ ᠬᠦᠴᠦ ᠴᠢᠳᠠᠯ ᠢ ᠲᠠ ᠨᠠᠷ ᠲᠤ ᠰᠣᠶᠣᠷᠬᠠᠵᠤ ᠳᠣᠲᠣᠭᠣᠳᠤ ᠬᠥᠮᠦᠨ ᠢ ᠴᠢᠨᠢ ᠠᠷᠢᠭᠤᠨ ᠰᠦᠨᠡᠰᠦ ᠪᠡᠷ ᠪᠡᠬᠢᠵᠢᠭᠦᠯᠬᠦ ᠪᠣᠯᠲᠤᠭᠠᠢ᠂ 17 ᠲᠠ ᠨᠠᠷ ᠤᠨ ᠢᠲᠡᠭᠡᠭᠰᠡᠨ ᠢᠶᠡᠷ ᠾᠷᠢᠰᠲ᠋ᠣᠰ ᠰᠡᠳᠬᠢᠯ ᠳᠤ ᠴᠢᠨᠢ ᠣᠷᠣᠰᠢᠬᠤ ᠪᠣᠯᠲᠤᠭᠠᠢ᠂ ᠲᠠ ᠨᠠᠷ ᠬᠠᠢᠷ᠎ᠠ ᠶᠢᠨ ᠳᠣᠲᠣᠷ᠎ᠠ ᠦᠨᠳᠦᠰᠦᠯᠡᠨ ᠰᠠᠭᠤᠷᠢᠯᠠᠵᠤ᠂ 18 ᠬᠡᠴᠢᠨᠡᠨ ᠥᠷᠭᠡᠨ᠂ ᠤᠷᠲᠤ᠂ ᠥᠨᠳᠥᠷ᠂ ᠭᠦᠨ ᠪᠣᠯᠬᠤ ᠶᠢ ᠠᠷᠢᠭᠤᠨ ᠬᠥᠮᠦᠰ ᠦᠨ ᠬᠠᠮᠲᠤ ᠤᠬᠠᠭᠠᠷᠠᠵᠤ ᠴᠢᠳᠠᠬᠤ ᠪᠣᠯᠲᠤᠭᠠᠢ᠂ 19 ᠮᠡᠳᠡᠯᠭᠡ ᠤᠬᠠᠭᠠᠨ ᠠᠴᠠ ᠳᠠᠪᠠᠭᠰᠠᠨ ᠾᠷᠢᠰᠲ᠋ᠣᠰ ᠤᠨ ᠬᠠᠢᠷ᠎ᠠ ᠶᠢ ᠲᠠ ᠨᠠᠷ ᠮᠡᠳᠡᠭᠡᠳ ᠪᠤᠷᠬᠠᠨ ᠤ ᠪᠦᠬᠦ ᠬᠠᠩ᠋ᠭᠠᠯᠲᠠ ᠪᠠᠷ ᠬᠠᠩ᠋ᠬᠤ ᠪᠣᠯᠲᠤᠭᠠᠢ ᠭᠡᠵᠦ ᠭᠤᠶᠤᠳᠠᠭ᠃
20 ᠪᠢᠳᠡᠨ ᠦ ᠳᠣᠲᠣᠷ᠎ᠠ ᠠᠵᠢᠯᠯᠠᠳᠠᠭ ᠴᠢᠳᠠᠯ ᠢᠶᠠᠷ ᠢᠶᠠᠨ ᠪᠢᠳᠡᠨ ᠦ ᠭᠤᠶᠤᠳᠠᠭ ᠪᠤᠶᠤ ᠪᠣᠳᠣᠳᠠᠭ ᠠᠴᠠ ᠬᠡᠮᠵᠢᠶᠡᠯᠡᠰᠢ ᠦᠭᠡᠢ ᠢᠯᠡᠭᠦᠦ ᠪᠡᠷ ᠪᠦᠬᠦᠨ ᠢ ᠪᠡᠶᠡᠯᠡᠭᠦᠯᠵᠦ ᠴᠢᠳᠠᠭᠴᠢ ᠨᠢᠭᠡᠨ ᠳᠦ ᠠᠯᠳᠠᠷ ᠰᠤᠤ ᠨᠢ 21 ᠴᠢᠭᠤᠯᠭᠠᠨ ᠤ ᠳᠣᠲᠣᠷ᠎ᠠ᠂ ᠮᠥᠨ ᠾᠷᠢᠰᠲ᠋ᠣᠰ ᠢᠰᠦ᠋ᠰ ᠤᠨ ᠳᠣᠲᠣᠷ᠎ᠠ ᠦᠶ᠎ᠡ ᠶᠢᠨ ᠦᠶ᠎ᠡ ᠳᠦ᠂ ᠥᠨᠢ ᠮᠥᠩᠬᠡ ᠪᠠᠢᠬᠤ ᠪᠣᠯᠲᠤᠭᠠᠢ᠃ ᠠᠮᠧᠨ︕