ᠧᠹᠧᠰ ᠵᠢᠷᠭᠤᠭ᠎ᠠ
1 ᠬᠡᠦᠬᠡᠳ ᠤᠳ ᠡ᠂ ᠡᠵᠡᠨ ᠦ ᠳᠣᠲᠣᠷ᠎ᠠ ᠡᠴᠢᠭᠡ ᠡᠬᠡ ᠳᠡᠭᠡᠨ ᠳᠤᠭᠤᠯᠭᠠᠪᠤᠷᠢᠲᠠᠢ ᠪᠠᠢ᠂ ᠡᠨᠡ ᠨᠢ ᠵᠥᠪ ᠶᠤᠮ᠃ 2 《ᠡᠴᠢᠭᠡ ᠡᠬᠡ ᠪᠡᠨ ᠬᠦᠨᠳᠦᠯᠡ᠂》 ᠡᠨᠡ ᠨᠢ ᠠᠮᠠᠯᠠᠯᠲᠠ ᠪᠦᠬᠦᠢ ᠠᠩ᠋ᠬᠠᠨ ᠤ ᠵᠠᠷᠯᠢᠭ ᠶᠤᠮ᠃ 3 《ᠲᠡᠭᠡᠪᠡᠯ ᠴᠢ ᠭᠠᠵᠠᠷ ᠳᠡᠭᠡᠷ᠎ᠡ ᠰᠠᠢᠨ ᠢ ᠠᠮᠰᠠᠨ᠂ ᠤᠷᠲᠤ ᠨᠠᠰᠤᠯᠠᠬᠤ ᠪᠣᠯᠣᠨ᠎ᠠ᠃》
4 ᠡᠴᠢᠭᠡ ᠨᠦᠭᠦᠳ ᠡ᠂ ᠬᠡᠦᠬᠡᠳ ᠤᠳ ᠢᠶᠠᠨ ᠪᠦᠦ ᠠᠭᠤᠷᠯᠠᠭᠤᠯ᠂ ᠬᠠᠷᠢᠨ ᠡᠵᠡᠨ ᠦ ᠰᠠᠬᠢᠯᠭ᠎ᠠ ᠪᠠ ᠰᠤᠷᠭᠠᠮᠵᠢ ᠪᠠᠷ ᠬᠥᠮᠦᠵᠢᠭᠦᠯᠦᠭᠲᠦᠨ᠃
5 ᠪᠣᠭᠣᠯᠴᠤᠳ ᠡ᠂ ᠾᠷᠢᠰᠲ᠋ᠣᠰ ᠲᠤ ᠬᠠᠨᠳᠤᠳᠠᠭ ᠰᠢᠭ᠋ ᠢᠶᠠᠷ ᠮᠢᠬᠠᠨ ᠪᠡᠶ᠎ᠡ ᠶᠢᠨ ᠡᠵᠡᠨ ᠡᠴᠡ ᠪᠡᠨ ᠡᠮᠢᠶᠡᠨ ᠴᠡᠴᠡᠷᠡᠵᠦ᠂ ᠴᠢᠩ ᠰᠡᠳᠬᠢᠯ ᠡᠴᠡ ᠪᠡᠨ ᠳᠤᠭᠤᠯᠭᠠᠪᠤᠷᠢᠲᠠᠢ ᠪᠠᠢᠵᠠᠭ᠎ᠠ᠃ 6 ᠬᠥᠮᠦᠨ ᠦ ᠳᠤᠷ᠎ᠠ ᠳᠤ ᠨᠡᠢᠴᠡᠭᠦᠯᠵᠦ ᠨᠢᠳᠦᠨ ᠳᠦ ᠦᠵᠡᠭᠦᠯᠬᠦ ᠶᠢᠨ ᠲᠤᠯᠠᠳᠠ ᠪᠤᠰᠤ᠂ ᠬᠠᠷᠢᠨ ᠾᠷᠢᠰᠲ᠋ᠣᠰ ᠤᠨ ᠵᠠᠷᠤᠴᠠ ᠪᠣᠯᠣᠭᠰᠠᠨ ᠳᠠᠭᠠᠨ ᠰᠡᠳᠬᠢᠯ ᠡᠴᠡ ᠪᠡᠨ ᠪᠤᠷᠬᠠᠨ ᠤ ᠰᠠᠨᠠᠭ᠎ᠠ ᠶᠢ ᠪᠡᠶᠡᠯᠡᠭᠦᠯᠦᠭᠰᠡᠭᠡᠷ᠂ 7 ᠬᠥᠮᠦᠨ ᠳᠦ ᠪᠢᠰᠢ᠂ ᠬᠠᠷᠢᠨ ᠡᠵᠡᠨ ᠳᠦ ᠮᠡᠲᠦ ᠦᠨᠡᠨ ᠰᠠᠨᠠᠭᠠᠨ ᠠᠴᠠ ᠪᠠᠨ ᠵᠠᠷᠤᠭᠳᠠᠭᠠᠷᠠᠢ᠃ 8 ᠪᠣᠭᠣᠯ ᠴᠤ ᠪᠠᠢ᠂ ᠴᠢᠯᠥᠭᠡᠲᠦ ᠬᠥᠮᠦᠨ ᠴᠤ ᠪᠠᠢ᠂ ᠰᠠᠢᠨ ᠢ ᠦᠢᠯᠡᠳᠦᠭᠴᠢ ᠪᠣᠯᠭᠠᠨ ᠡᠵᠡᠨ ᠡᠴᠡ ᠰᠠᠢᠨ ᠢ ᠬᠦᠷᠲᠡᠨ᠎ᠡ ᠭᠡᠳᠡᠭ ᠢ ᠮᠡᠳᠡᠲᠦᠭᠡᠢ᠃
9 ᠡᠵᠡᠳ ᠴᠤ ᠪᠣᠭᠣᠯ ᠤᠳ ᠲᠠᠭᠠᠨ ᠠᠳᠠᠯᠢᠬᠠᠨ ᠦᠢᠯᠡᠳᠦᠭᠡᠷᠡᠢ᠃ ᠲᠡᠳᠡᠨ ᠢ ᠰᠦᠷᠳᠡᠭᠦᠯᠬᠦ ᠪᠡᠨ ᠪᠣᠯᠢ᠂ ᠲᠡᠳᠡᠨ ᠳᠦ ᠴᠤ᠂ ᠲᠠ ᠨᠠᠷ ᠲᠤ ᠴᠤ ᠲᠩᠷᠢ ᠳᠠᠬᠢ ᠡᠵᠡᠨ ᠪᠠᠢᠳᠠᠭ ᠪᠠ ᠲᠡᠭᠦᠨ ᠳᠦ ᠠᠯᠠᠭᠴᠢᠯᠠᠯ ᠭᠡᠵᠦ ᠦᠭᠡᠢ ᠭᠡᠳᠡᠭ ᠢ ᠮᠡᠳᠡᠲᠦᠭᠡᠢ᠃
ᠠᠷᠢᠭᠤᠨ ᠠᠮᠢᠳᠤᠷᠠᠯ
10 ᠪᠠᠰᠠ ᠨᠢᠭᠡ ᠶᠠᠭᠤᠮ᠎ᠠ ᠬᠡᠯᠡᠶ᠎ᠡ᠂ ᠲᠠ ᠨᠠᠷ ᠡᠵᠡᠨ ᠦ ᠳᠣᠲᠣᠷ᠎ᠠ᠂ ᠮᠥᠨ ᠴᠤ ᠲᠡᠭᠦᠨ ᠦ ᠬᠦᠴᠦ ᠴᠢᠳᠠᠯ ᠢᠶᠠᠷ ᠪᠡᠬᠢᠵᠢᠭᠲᠦᠨ᠃ 11 ᠰᠠᠲ᠋ᠠᠨ ᠤ ᠣᠪ ᠮᠡᠬᠡ ᠶᠢᠨ ᠡᠰᠡᠷᠭᠦ ᠵᠣᠭᠰᠣᠵᠤ ᠴᠢᠳᠠᠬᠤ ᠶᠢᠨ ᠲᠤᠯᠠᠳᠠ ᠲᠠ ᠨᠠᠷ ᠪᠤᠷᠬᠠᠨ ᠤ ᠢᠵᠢ ᠪᠦᠷᠢᠨ ᠬᠤᠶᠠᠭ ᠳᠤᠭᠤᠯᠠᠭ᠎ᠠ ᠶᠢ ᠡᠮᠦᠰᠦᠭᠲᠦᠨ᠃ 12 ᠤᠴᠢᠷ ᠨᠢ ᠮᠠᠨ ᠤ ᠲᠡᠮᠡᠴᠡᠯ ᠪᠣᠯ ᠮᠢᠬ᠎ᠠ ᠴᠢᠰᠤᠲᠠᠨ ᠤ ᠡᠰᠡᠷᠭᠦ ᠪᠢᠰᠢ᠂ ᠬᠠᠷᠢᠨ ᠬᠠᠷᠠᠩ᠋ᠭᠤᠢ ᠶᠢᠷᠲᠢᠨᠴᠦ ᠶᠢᠨ ᠵᠠᠬᠢᠷᠤᠭᠴᠢᠳ᠂ ᠡᠷᠬᠡ ᠮᠡᠳᠡᠭᠴᠢᠳ᠂ ᠬᠦᠴᠦᠲᠡᠳ ᠪᠠ ᠲᠩᠷᠢ ᠳᠠᠬᠢ ᠮᠠᠭᠤ ᠰᠦᠨᠡᠰᠦ ᠨᠦᠭᠦᠳ ᠦᠨ ᠡᠰᠡᠷᠭᠦ ᠪᠠᠢᠳᠠᠭ᠃ 13 ᠡᠢᠮᠦ ᠡᠴᠡ ᠲᠠ ᠨᠠᠷ ᠮᠠᠭᠤ ᠡᠳᠦᠷ ᠤᠳ ᠲᠤ ᠡᠰᠡᠷᠭᠦᠴᠡᠵᠦ ᠳᠡᠢᠯᠬᠦ ᠶᠢᠨ ᠲᠤᠯᠠᠳᠠ᠂ ᠠᠯᠢᠪᠠ ᠶᠢ ᠳᠠᠪᠠᠭᠰᠠᠨ ᠤ ᠳᠠᠷᠠᠭ᠎ᠠ ᠪᠠᠲᠤ ᠵᠣᠭᠰᠣᠬᠤ ᠶᠢᠨ ᠲᠤᠯᠠᠳᠠ᠂ ᠪᠤᠷᠬᠠᠨ ᠤ ᠢᠵᠢ ᠪᠦᠷᠢᠨ ᠬᠤᠶᠠᠭ ᠳᠤᠭᠤᠯᠠᠭ᠎ᠠ ᠶᠢ ᠣᠯᠵᠤ ᠠᠪ᠃ 14 ᠲᠡᠢᠨ ᠬᠦ ᠪᠠᠲᠤ ᠵᠣᠭᠰᠣᠭᠲᠤᠨ᠂ ᠪᠦᠰᠡᠯᠡᠭᠦᠷᠭᠡ ᠳᠡᠭᠡᠨ ᠦᠨᠡᠨ ᠦ ᠪᠦᠰᠡ ᠶᠢ ᠪᠦᠰᠡᠯᠡ᠂ ᠴᠡᠭᠡᠵᠢᠨ ᠪᠡᠶ᠎ᠡ ᠳᠡᠭᠡᠨ ᠵᠥᠪ ᠦᠨ ᠡᠯᠢᠭᠡᠪᠴᠢ ᠶᠢ ᠡᠮᠦᠰ᠂ 15 ᠬᠥᠯ ᠳᠡᠭᠡᠨ ᠡᠩᠬᠡ ᠲᠠᠢᠪᠤᠩ ᠤᠨ ᠪᠠᠶᠠᠷ ᠤᠨ ᠮᠡᠳᠡᠭᠡᠨ ᠦ ᠪᠡᠯᠡᠳᠬᠡᠯ ᠢ ᠤᠷᠢᠶ᠎ᠠ᠂ 16 ᠡᠨᠡ ᠪᠦᠬᠦᠨ ᠦ ᠳᠡᠭᠡᠷ᠎ᠡ ᠮᠠᠭᠤ ᠨᠢᠭᠡᠨ ᠦ ᠬᠠᠮᠤᠭ ᠭᠠᠯᠲᠤ ᠰᠤᠮᠤ ᠶᠢ ᠤᠨᠲᠠᠷᠠᠭᠠᠵᠤ ᠴᠢᠳᠠᠬᠤ ᠢᠲᠡᠭᠡᠯ ᠦᠨ ᠪᠠᠮᠪᠠᠢ ᠶᠢ ᠪᠠᠷᠢ᠃ 17 ᠠᠪᠤᠷᠠᠯ ᠤᠨ ᠳᠤᠭᠤᠯᠠᠭ᠎ᠠ ᠪᠠ ᠠᠷᠢᠭᠤᠨ ᠰᠦᠨᠡᠰᠦᠨ ᠦ ᠰᠡᠯᠡᠮ᠎ᠡ᠂ ᠲᠤᠬᠠᠢᠯᠠᠪᠠᠯ ᠪᠤᠷᠬᠠᠨ ᠤ ᠦᠭᠡ ᠶᠢ ᠭᠠᠷᠳᠠᠵᠤ ᠠᠪ᠃
18 ᠠᠯᠢᠪᠠ ᠳᠠᠭᠠᠳᠬᠠᠯ ᠪᠠ ᠭᠤᠶᠤᠯᠲᠠ ᠪᠠᠷ ᠠᠯᠢᠪᠠ ᠴᠠᠭ ᠲᠤ ᠠᠷᠢᠭᠤᠨ ᠰᠦᠨᠡᠰᠦᠨ ᠦ ᠳᠣᠲᠣᠷ᠎ᠠ ᠳᠠᠭᠠᠳᠬ᠎ᠠ᠂ ᠲᠡᠭᠡᠬᠦ ᠶᠢᠨ ᠲᠤᠯᠠᠳᠠ ᠠᠯᠢᠪᠠ ᠲᠡᠰᠪᠦᠷᠢᠯᠡᠯ ᠢᠶᠡᠷ ᠠᠯᠢᠪᠠ ᠠᠷᠢᠭᠤᠨ ᠬᠥᠮᠦᠨ ᠦ ᠲᠥᠯᠥᠭᠡᠬᠢ ᠭᠤᠶᠤᠯᠲᠠ ᠪᠠᠷ ᠰᠡᠷᠡᠮᠵᠢ ᠲᠠᠢ ᠪᠠᠢᠭᠲᠤᠨ᠃ 19 ᠠᠮᠠ ᠨᠡᠭᠡᠭᠡᠬᠦ ᠳᠦ ᠮᠢᠨᠢ ᠦᠭᠡ ᠰᠣᠶᠣᠷᠬᠠᠭᠳᠠᠬᠤ ᠪᠣᠯᠲᠤᠭᠠᠢ ᠭᠡᠵᠦ ᠮᠢᠨᠦ ᠲᠥᠯᠥᠭᠡ ᠴᠤ ᠭᠤᠶᠤᠭᠠᠷᠠᠢ᠃ ᠦᠭᠡ ᠰᠣᠶᠣᠷᠬᠠᠭᠳᠠᠪᠠᠯ ᠪᠢ ᠪᠠᠶᠠᠷ ᠤᠨ ᠮᠡᠳᠡᠭᠡ ᠶᠢᠨ ᠨᠢᠭᠤᠴᠠ ᠶᠢ ᠵᠣᠷᠢᠭᠲᠠᠢ ᠪᠠᠷ ᠮᠡᠳᠡᠭᠦᠯᠬᠦ ᠪᠣᠯᠣᠨ᠎ᠠ᠃ 20 ᠡᠭᠦᠨ ᠦ ᠲᠥᠯᠥᠭᠡ ᠪᠢ ᠭᠢᠨᠵᠢ ᠲᠠᠢ ᠪᠠᠷ ᠡᠯᠴᠢᠨ ᠰᠠᠢᠳ ᠤᠨ ᠠᠵᠢᠯ ᠢ ᠬᠢᠵᠦ ᠪᠠᠢᠨ᠎ᠠ᠃ ᠡ᠊ᠨᠳᠡ ᠴᠤ ᠶᠠᠷᠢᠬᠤ ᠶᠣᠰᠣᠲᠠᠢ ᠪᠠᠨ ᠵᠣᠷᠢᠭᠲᠠᠢ ᠶᠠᠷᠢᠬᠤ ᠶᠢᠨ ᠮᠢᠨᠢ ᠲᠥᠯᠥᠭᠡ ᠭᠤᠶᠤ᠃
21 ᠬᠠᠷᠢᠨ ᠲᠠ ᠨᠠᠷ ᠴᠤ ᠮᠢᠨᠦ ᠪᠠᠢᠳᠠᠯ ᠤᠨ ᠲᠤᠬᠠᠢ᠂ ᠪᠠᠰᠠ ᠮᠢᠨᠦ ᠶᠠᠭᠤ ᠬᠢᠵᠦ ᠪᠤᠢ ᠶᠢ ᠮᠡᠳᠡᠬᠦ ᠬᠡᠷᠡᠭᠲᠡᠢ᠃ ᠡᠨᠡ ᠪᠦᠬᠦᠨ ᠢ ᠮᠢᠨᠢ ᠡᠵᠡᠨ ᠦ ᠳᠣᠲᠣᠷᠠᠬᠢ ᠬᠠᠢᠷᠠᠲᠤ ᠳᠡᠭᠦᠦ ᠪᠥᠭᠡᠳ ᠢᠲᠡᠭᠡᠮᠵᠢᠲᠦ ᠳᠡᠮᠴᠢ ᠲᠦᠬᠢᠺ ᠲᠠ ᠨᠠᠷ ᠲᠤ ᠮᠡᠳᠡᠭᠦᠯᠬᠦ ᠪᠣᠯᠣᠨ᠎ᠠ᠃ 22 ᠲᠡᠷᠡ ᠪᠢᠳᠡᠨ ᠦ ᠪᠠᠢᠳᠠᠯ ᠢ ᠮᠡᠳᠡᠭᠦᠯᠵᠦ᠂ ᠲᠠ ᠨᠠᠷ ᠤᠨ ᠰᠡᠳᠬᠢᠯ ᠢ ᠲᠠᠢᠪᠤᠰᠢᠷᠠᠭᠤᠯᠤᠨᠠ᠂ ᠲᠡᠭᠦᠨ ᠢ ᠲᠠ ᠨᠠᠷ ᠲᠤ ᠶᠠᠪᠤᠭᠤᠯᠤᠭᠰᠠᠨ ᠤ ᠮᠢᠨᠢ ᠵᠣᠷᠢᠯᠭ᠎ᠠ ᠨᠢ ᠶᠠᠭ ᠡᠢᠮᠦ ᠪᠢᠯᠡ᠃
23 ᠡᠴᠢᠭᠡ ᠪᠤᠷᠬᠠᠨ ᠪᠣᠯᠣᠨ ᠡᠵᠡᠨ ᠢᠰᠦ᠋ᠰ ᠾᠷᠢᠰᠲ᠋ᠣᠰ ᠤᠨ ᠠᠮᠤᠭᠤᠯᠠᠩ ᠪᠠ ᠬᠠᠢᠷ᠎ᠠ ᠨᠢ ᠢᠲᠡᠭᠡᠯ ᠦᠨ ᠬᠠᠮᠲᠤ ᠠᠬ᠎ᠠ ᠳᠡᠭᠦᠦ ᠨᠠᠷ ᠲᠤ ᠪᠠᠢᠬᠤ ᠪᠣᠯᠲᠤᠭᠠᠢ᠂ 24 ᠪᠢᠳᠡᠨ ᠦ ᠡᠵᠡᠨ ᠢᠰᠦ᠋ᠰ ᠾᠷᠢᠰᠲ᠋ᠣᠰ ᠲᠤ ᠬᠤᠪᠢᠷᠠᠰᠢ ᠦᠭᠡᠢ ᠬᠠᠢᠷᠠᠲᠠᠢ ᠪᠠᠢᠳᠠᠭ ᠬᠥᠮᠦᠨ ᠪᠦᠬᠦᠨ ᠳᠦ ᠢᠪᠡᠭᠡᠯ ᠪᠠᠢᠬᠤ ᠪᠣᠯᠲᠤᠭᠠᠢ᠃