1 2 3 4 5 6


ᠧᠹᠧᠰ ᠳᠥᠷᠪᠡ
 ᠡᠪ ᠨᠢᠭᠡᠳᠦᠯ ᠢ ᠪᠠᠷᠢᠮᠲᠠᠯᠠ

1 ᠡᠵᠡᠨ ᠦ ᠳᠣᠲᠣᠷᠠᠬᠢ ᠬᠣᠷᠢᠭᠳᠠᠯ ᠪᠢ ᠲᠠ ᠨᠠᠷ ᠢ ᠢᠳᠬᠠᠶ᠎ᠠ᠄ ᠳᠠᠭᠤᠳᠠᠭᠳᠠᠭᠰᠠᠨ ᠲᠤᠯᠠ ᠳᠠᠭᠤᠳᠠᠭᠴᠢ ᠶᠢᠨ ᠰᠠᠨᠠᠭᠠᠨ ᠳᠤ ᠨᠡᠢᠴᠡᠭᠦᠯᠦᠨ ᠠᠮᠢᠳᠤᠷᠠᠭᠠᠷᠠᠢ᠃ 2 ᠲᠤᠢᠯ ᠤᠨ ᠳᠠᠷᠤᠤ᠂ ᠤᠶᠠᠬᠠᠨ ᠪᠠᠢᠵᠤ᠂ ᠲᠡᠪᠴᠢᠶᠡᠷᠢ ᠲᠠᠢ ᠪᠠᠷ ᠪᠡᠶ᠎ᠡ ᠪᠡᠶ᠎ᠡ ᠪᠡᠨ ᠬᠠᠢᠷ᠎ᠠ ᠶᠢᠨ ᠰᠡᠳᠬᠢᠯ ᠢᠶᠠᠷ ᠬᠦᠯᠢᠶᠡᠨ ᠠᠪ᠂ 3 ᠠᠷᠢᠭᠤᠨ ᠰᠦᠨᠡᠰᠦᠨ ᠦ ᠡᠪ ᠨᠢᠭᠡᠳᠦᠯ ᠢ ᠡᠩᠬᠡ ᠲᠠᠢᠪᠤᠩ ᠤᠨ ᠬᠣᠯᠪᠣᠭᠠᠰᠤ ᠪᠠᠷ ᠬᠢᠴᠢᠶᠡᠩᠭᠦᠢᠯᠡᠨ ᠪᠠᠷᠢᠮᠲᠠᠯᠠ᠃ 4 ᠲᠠ ᠨᠠᠷ ᠳᠠᠭᠤᠳᠠᠭᠳᠠᠬᠤ ᠳᠠᠭᠠᠨ ᠨᠢᠭᠡ ᠡᠷᠡᠮᠡᠯᠵᠡᠯ ᠤᠷᠤᠭᠤ ᠳᠠᠭᠤᠳᠠᠭᠳᠠᠭᠰᠠᠨ ᠲᠠᠢ ᠠᠳᠠᠯᠢ ᠪᠠᠷ ᠪᠡᠶ᠎ᠡ ᠪᠣᠯ ᠨᠢᠭᠡ᠂ ᠠᠷᠢᠭᠤᠨ ᠰᠦᠨᠡᠰᠦ ᠴᠤ ᠨᠢᠭᠡ᠂ 5 ᠡᠵᠡᠨ ᠴᠤ ᠨᠢᠭᠡ᠂ ᠢᠲᠡᠭᠡᠯ ᠴᠤ ᠨᠢᠭᠡ᠂ ᠤᠬᠢᠶᠠᠯ ᠴᠤ ᠨᠢᠭᠡ ᠪᠥᠭᠡᠳ 6 ᠪᠦᠬᠦᠨ ᠦ ᠳᠡᠭᠡᠷ᠎ᠡ᠂ ᠪᠦᠬᠦᠨ ᠦ ᠳᠤᠮᠳᠠᠭᠤᠷ᠂ ᠪᠦᠬᠦᠨ ᠦ ᠳᠣᠲᠣᠷ᠎ᠠ ᠪᠠᠢᠳᠠᠭ ᠪᠦᠬᠦᠨ ᠦ ᠡᠴᠢᠭᠡ ᠪᠤᠷᠬᠠᠨ ᠴᠤ ᠨᠢᠭᠡ ᠪᠢᠯᠡ᠃

7 ᠾᠷᠢᠰᠲ᠋ᠣᠰ ᠤᠨ ᠬᠡᠮᠵᠢᠵᠦ ᠥᠭᠭᠥᠭᠰᠡᠨ ᠰᠣᠶᠣᠷᠬᠠᠯ ᠤᠨ ᠶᠣᠰᠣᠭᠠᠷ ᠪᠢᠳᠡᠨ ᠦ ᠬᠥᠮᠦᠨ ᠪᠦᠷᠢ ᠳᠤ ᠰᠣᠶᠣᠷᠬᠠᠭᠰᠠᠨ ᠢᠪᠡᠭᠡᠯ ᠪᠣᠯ ᠲᠤᠰ ᠲᠤᠰ ᠤᠨ ᠶᠤᠮ᠃ 8 ᠲᠡᠢᠮᠦ ᠡᠴᠡ 《ᠲᠡᠷᠡ ᠥᠨᠳᠥᠷ ᠲᠦ ᠳᠡᠪᠰᠢᠬᠦ ᠳᠡᠭᠡᠨ ᠣᠯᠵᠠᠯᠠᠭᠳᠠᠭᠰᠠᠳ ᠢ ᠣᠯᠵᠠᠯᠠᠵᠤ ᠬᠥᠮᠦᠰ ᠲᠦ ᠰᠣᠶᠣᠷᠬᠠᠯ ᠤᠳ ᠢ ᠰᠣᠶᠣᠷᠬᠠᠪᠠ》
ᠭᠡᠵᠦ ᠬᠡᠯᠡᠭᠰᠡᠨ ᠪᠠᠢᠳᠠᠭ᠃ 9 《ᠥᠨᠳᠥᠷ ᠲᠦ ᠳᠡᠪᠰᠢᠭᠰᠡᠨ》 ᠭᠡᠳᠡᠭ ᠨᠢ᠂ ᠲᠡᠷᠡ ᠪᠡᠷ ᠳᠣᠣᠷ᠎ᠠ ᠭᠠᠵᠠᠷ ᠲᠤ ᠪᠠᠭᠤᠭᠠᠳ ᠪᠠᠢᠭᠰᠠᠨ ᠭᠡᠰᠡᠨ ᠰᠠᠨᠠᠭ᠎ᠠ ᠪᠢᠰᠢ ᠤᠤ︖ 10 ᠪᠠᠭᠤᠵᠤ ᠢᠷᠡᠭᠰᠡᠨ ᠲᠡᠷᠡ ᠮᠠᠨᠢ ᠬᠠᠮᠤᠭ ᠶᠠᠭᠤᠮ᠎ᠠ ᠶᠢᠨ ᠳᠣᠲᠣᠷ᠎ᠠ ᠳᠦᠭᠦᠷᠡᠩ ᠪᠠᠢᠬᠤ ᠶᠢᠨ ᠲᠤᠯᠠᠳᠠ ᠬᠠᠮᠤᠭ ᠲᠩᠷᠢ ᠡᠴᠡ ᠳᠡᠭᠡᠭᠰᠢ ᠭᠠᠷᠤᠭᠰᠠᠨ᠃ 11 ᠲᠡᠷᠡ ᠥᠪᠡᠷ ᠢᠶᠡᠨ ᠵᠠᠷᠢᠮ ᠢ ᠨᠢ ᠰᠢᠳᠠᠷ ᠱᠠᠪᠢ᠂ ᠵᠠᠷᠢᠮ ᠢ ᠨᠢ ᠡᠰᠢ ᠦᠵᠡᠭᠦᠯᠦᠭᠴᠢ᠂ ᠵᠠᠷᠢᠮ ᠢ ᠨᠢ ᠪᠠᠶᠠᠷ ᠤᠨ ᠮᠡᠳᠡᠭᠡᠴᠢᠨ᠂ ᠵᠠᠷᠢᠮ ᠢ ᠨᠢ ᠬᠣᠨᠢᠴᠢᠨ ᠪᠠ ᠪᠠᠭᠰᠢ ᠪᠠᠷ ᠲᠣᠮᠢᠯᠠᠵᠤ ᠰᠣᠶᠣᠷᠬᠠᠭᠰᠠᠨ ᠨᠢ 12 ᠾᠷᠢᠰᠲ᠋ᠣᠰ ᠤᠨ ᠪᠡᠶ᠎ᠡ ᠶᠢ ᠪᠣᠰᠬᠠᠨ ᠪᠠᠢᠭᠤᠯᠬᠤ ᠶᠢᠨ ᠲᠥᠯᠥᠭᠡ ᠦᠢᠯᠡᠴᠢᠯᠡᠭᠦᠯᠬᠦ ᠬᠡᠷᠡᠭ ᠲᠡᠢ ᠠᠵᠢᠯ ᠳᠤ ᠠᠷᠢᠭᠤᠨ ᠬᠥᠮᠦᠰ ᠢ ᠪᠡᠯᠡᠳᠬᠡᠭᠰᠡᠭᠡᠷ᠂ 13 ᠪᠤᠷᠬᠠᠨ ᠤ ᠬᠦᠦ ᠶᠢᠨ ᠲᠤᠬᠠᠢ ᠢᠲᠡᠭᠡᠯ ᠪᠠ ᠮᠡᠳᠡᠯᠭᠡ ᠶᠢᠨ ᠲᠠᠯ᠎ᠠ ᠪᠠᠷ ᠪᠢᠳᠡᠨ ᠢ ᠨᠡᠢᠯᠡᠭᠦᠯᠵᠦ᠂ ᠲᠡᠭᠦᠰ ᠬᠥᠮᠦᠨ ᠪᠣᠯᠭᠠᠭᠠᠳ ᠾᠷᠢᠰᠲ᠋ᠣᠰ ᠤᠨ ᠲᠡᠭᠦᠯᠳᠡᠷ ᠬᠡᠮᠵᠢᠶᠡᠨ ᠳᠦ ᠬᠦᠷᠭᠡᠬᠦ ᠭᠡᠰᠡᠨ ᠳᠡᠭᠡᠨ ᠶᠤᠮ᠃ 14 ᠲᠡᠢᠨ ᠬᠦ ᠪᠢᠳᠡ ᠪᠠᠯᠴᠢᠷ ᠪᠠᠢᠬᠤ ᠪᠠᠨ ᠪᠣᠯᠢᠵᠤ ᠬᠥᠮᠦᠨ ᠦ ᠮᠡᠬᠡ᠂ ᠠᠷᠭ᠎ᠠ ᠵᠠᠯᠢ ᠳᠤ ᠠᠪᠲᠠᠬᠤ ᠦᠭᠡᠢ᠂ ᠶᠠᠩᠵᠤ ᠶᠠᠩᠵᠤ ᠶᠢᠨ ᠰᠤᠷᠭᠠᠯ ᠤᠨ ᠰᠠᠯᠬᠢᠨ ᠳᠤ ᠭᠤᠢᠪᠢᠬᠤ ᠦᠭᠡᠢ᠂ ᠡᠰᠢ ᠲᠡᠰᠢ ᠬᠡᠶᠢᠰᠬᠦ ᠦᠭᠡᠢ ᠪᠠᠷ 15 ᠬᠠᠢᠷ᠎ᠠ ᠶᠢᠨ ᠳᠣᠲᠣᠷ᠎ᠠ ᠦᠨᠡᠨ ᠢ ᠬᠡᠯᠡᠨ᠂ ᠲᠡᠷᠢᠭᠦᠨ ᠪᠣᠯᠬᠤ ᠾᠷᠢᠰᠲ᠋ᠣᠰ ᠲᠤ ᠬᠦᠷᠲᠡᠯ᠎ᠡ ᠪᠦᠬᠦ ᠲᠠᠯ᠎ᠠ ᠪᠠᠷ ᠥᠰᠬᠦ ᠶᠣᠰᠣᠲᠠᠢ᠃ 16 ᠾᠷᠢᠰᠲ᠋ᠣᠰ ᠢᠶᠠᠷ ᠲᠡᠷᠢᠭᠦᠨ ᠪᠣᠯᠭᠠᠵᠤ ᠦᠶ᠎ᠡ ᠮᠥᠴᠢ ᠪᠦᠷᠢ ᠶᠢᠨ ᠳᠡᠮᠵᠢᠯᠭᠡ ᠪᠡᠷ᠂ ᠡᠷᠬᠡᠲᠡᠨ ᠪᠣᠯᠭᠠᠨ ᠤ ᠲᠤᠰ ᠲᠤᠰ ᠤᠨ ᠦᠢᠯᠡᠳᠦᠯ ᠢᠶᠡᠷ ᠬᠣᠯᠪᠣᠯᠳᠤᠨ ᠨᠡᠢᠯᠡᠵᠦ᠂ ᠪᠦᠲᠦᠨ ᠪᠡᠶ᠎ᠡ ᠶᠢ ᠥᠰᠭᠡᠨ ᠪᠣᠢᠵᠢᠭᠤᠯᠵᠤ᠂ ᠬᠠᠢᠷ᠎ᠠ ᠶᠢᠨ ᠳᠣᠲᠣᠷ᠎ᠠ ᠥᠪᠡᠷ ᠢ ᠪᠠᠨ ᠪᠣᠰᠬᠠᠨ ᠪᠠᠢᠭᠤᠯᠳᠠᠭ᠃
 ᠠᠷᠢᠭᠤᠨ ᠠᠮᠢᠳᠤᠷᠠᠯ

17 ᠣᠳᠣ ᠪᠢ ᠡᠵᠡᠨ ᠦ ᠳᠣᠲᠣᠷ᠎ᠠ ᠲᠠ ᠨᠠᠷ ᠲᠤ ᠪᠠᠲᠤᠯᠠᠨ ᠬᠡᠯᠡᠶ᠎ᠡ᠃ ᠬᠠᠷᠢᠴᠤᠳ ᠰᠢᠭ᠋ ᠬᠡᠢ ᠪᠣᠳᠣᠯ ᠲᠠᠢ ᠪᠠᠷ ᠠᠮᠢᠳᠤᠷᠠᠳᠠᠭ ᠢᠶᠠᠨ ᠪᠣᠯᠢ᠃ 18 ᠲᠡᠳᠡ ᠮᠡᠳᠡᠯᠭᠡ ᠦᠭᠡᠢ᠂ ᠬᠠᠲᠠᠭᠤ ᠵᠢᠷᠦᠬᠡ ᠲᠠᠢ ᠪᠣᠯᠬᠣᠷ ᠤᠬᠠᠭᠠᠨ ᠨᠢ ᠬᠠᠷᠠᠩ᠋ᠭᠤᠢᠯᠠᠨ ᠪᠤᠷᠬᠠᠨ ᠤ ᠠᠮᠢ ᠡᠴᠡ ᠰᠠᠯᠤᠩᠭᠢᠷᠠᠭᠰᠠᠨ ᠪᠠᠢᠳᠠᠭ ᠪᠥᠭᠡᠳ 19 ᠮᠢᠨᠴᠦᠭᠦᠷᠡᠨ᠂ ᠪᠡᠶ᠎ᠡ ᠪᠡᠨ ᠲᠠᠴᠢᠶᠠᠯ ᠳᠤ ᠲᠤᠰᠢᠶᠠᠨ ᠶᠠᠩᠵᠤ ᠪᠦᠷᠢ ᠶᠢᠨ ᠠᠷᠢᠭᠤᠨ ᠪᠤᠰᠤ ᠶᠢ ᠰᠢᠨᠤᠯ ᠲᠠᠢ ᠪᠠᠷ ᠦᠢᠯᠡᠳᠳᠡᠭ᠃ 20 ᠭᠡᠪᠡᠴᠦ ᠲᠠ ᠨᠠᠷ ᠾᠷᠢᠰᠲ᠋ᠣᠰ ᠢ ᠲᠡᠷᠡ ᠮᠡᠲᠦ ᠪᠡᠷ ᠰᠤᠷᠤᠭᠰᠠᠨ ᠪᠢᠰᠢ᠂ 21 ᠲᠠ ᠨᠠᠷ ᠲᠡᠭᠦᠨ ᠦ ᠲᠤᠬᠠᠢ ᠦᠨᠡᠬᠡᠷ ᠰᠣᠨᠣᠰᠴᠤ ᠲᠡᠭᠦᠨ ᠦ ᠳᠣᠲᠣᠷᠠᠬᠢ ᠦᠨᠡᠨ ᠢ ᠪᠠᠢᠭ᠎ᠠ ᠪᠠᠷ ᠨᠢ ᠰᠤᠷᠤᠭᠰᠠᠨ ᠶᠤᠮ ᠪᠣᠯ᠂ 22 《ᠤᠷᠢᠳᠤ ᠶᠢᠨ ᠦᠢᠯᠡ ᠶᠠᠪᠤᠳᠠᠯ ᠤᠨ ᠢᠶᠠᠨ ᠶᠣᠰᠣᠭᠠᠷ ᠪᠠᠴᠢᠲᠤ ᠰᠢᠨᠤᠯ ᠢ ᠳᠠᠭᠠᠭᠰᠠᠭᠠᠷ ᠢᠯᠵᠢᠷᠡᠵᠦ ᠪᠤᠢ ᠬᠠᠭᠤᠴᠢᠨ ᠬᠥᠮᠦᠨ ᠢᠶᠡᠨ ᠲᠠᠢᠯ᠂ 23 ᠣᠶᠤᠨ ᠰᠠᠨᠠᠭ᠎ᠠ ᠪᠠᠷ ᠢᠶᠠᠨ ᠰᠢᠨᠡᠴᠢᠯᠡᠭᠳᠡᠵᠦ ᠪᠠᠢ᠂ 24 ᠪᠤᠷᠬᠠᠨ ᠤ ᠦᠯᠢᠭᠡᠷ ᠬᠡᠪ ᠢᠶᠡᠷ ᠦᠨᠡᠨ ᠦ ᠵᠥᠪ ᠪᠠ ᠠᠷᠢᠭᠤᠨ ᠢᠶᠠᠷ ᠪᠦᠲᠦᠭᠡᠭᠳᠡᠭᠰᠡᠨ ᠰᠢᠨ᠎ᠡ ᠬᠥᠮᠦᠨ ᠢᠶᠡᠨ ᠡᠮᠦᠰ》 ᠭᠡᠳᠡᠭ ᠢ ᠰᠤᠷᠤᠭᠰᠠᠨ᠃

25 ᠡᠢᠮᠦ ᠡᠴᠡ ᠬᠤᠳᠠᠯ ᠢᠶᠠᠨ ᠬᠠᠶᠠ᠂ ᠬᠥᠮᠦᠨ ᠪᠣᠯᠭᠠᠨ ᠬᠥᠷᠰᠢ ᠳᠡᠭᠡᠨ ᠦᠨᠡᠨ ᠢ ᠶᠠᠷᠢ᠂ ᠤᠴᠢᠷ ᠨᠢ᠂ ᠪᠢᠳᠡ ᠨᠢᠭᠡ ᠪᠡᠶ᠎ᠡ ᠶᠢᠨ ᠡᠷᠬᠡᠲᠡᠨ ᠨᠦᠭᠦᠳ ᠶᠤᠮ᠃ 26 ᠠᠭᠤᠷᠯᠠᠪᠠᠴᠤ ᠨᠢᠭᠦᠯ ᠪᠦᠦ ᠦᠢᠯᠡᠳ᠂ ᠠᠭᠤᠷ ᠲᠠᠢ ᠪᠠᠷ ᠨᠠᠷᠠ ᠪᠦᠦ ᠵᠢᠷᠭᠠᠭ᠎ᠠ᠂ 27 ᠰᠠᠲ᠋ᠠᠨ ᠳᠤ ᠵᠠᠪᠰᠢᠶᠠᠨ ᠪᠦᠦ ᠥᠭ᠃ 28 ᠬᠤᠯᠠᠭᠠᠢᠴᠢ ᠬᠤᠯᠠᠭᠠᠢᠯᠠᠬᠤ ᠪᠠᠨ ᠪᠣᠯᠢ᠂ ᠥᠪᠡᠷ ᠦᠨ ᠢᠶᠠᠨ ᠭᠠᠷ ᠢᠶᠠᠷ ᠬᠥᠳᠡᠯᠮᠦᠷᠢᠯᠡᠵᠦ ᠰᠠᠢᠨ ᠢ ᠦᠢᠯᠡᠳ᠂ ᠲᠡᠭᠡᠪᠡᠯ ᠭᠠᠴᠢᠭᠳᠠᠯ ᠲᠠᠢ ᠬᠥᠮᠦᠨ ᠳᠦ ᠥᠭᠴᠦ ᠴᠢᠳᠠᠬᠤ ᠪᠣᠯᠣᠨ᠎ᠠ᠂ 29 ᠠᠮᠠᠨ ᠠᠴᠠ ᠪᠠᠨ ᠨᠢᠭᠡ ᠴᠤ ᠮᠠᠭᠤ ᠦᠭᠡ ᠶᠢ ᠪᠦᠦ ᠭᠠᠷᠭ᠎ᠠ᠂ ᠬᠠᠷᠢᠨ ᠬᠥᠮᠦᠨ ᠢ ᠪᠣᠰᠬᠠᠨ ᠪᠠᠢᠭᠤᠯᠬᠤ ᠳᠤ ᠲᠤᠰᠠ ᠪᠣᠯᠬᠤ ᠰᠠᠢᠨ ᠢ ᠯᠠ ᠶᠠᠷᠢ᠂ ᠡᠢᠨ ᠬᠦ ᠦᠭᠡ ᠴᠢᠨᠢ ᠰᠣᠨᠣᠰᠣᠭᠴᠢᠳ ᠲᠤ ᠢᠪᠡᠭᠡᠯ ᠢ ᠳᠠᠮᠵᠢᠭᠤᠯᠬᠤ ᠪᠣᠯᠣᠨ᠎ᠠ᠃ 30 ᠪᠤᠷᠬᠠᠨ ᠤ ᠠᠷᠢᠭᠤᠨ ᠰᠦᠨᠡᠰᠦ ᠶᠢ ᠪᠦᠦ ᠵᠣᠪᠠᠭ᠎ᠠ᠂ ᠵᠣᠯᠢᠨ ᠠᠪᠬᠤ ᠡᠳᠦᠷ ᠦᠨ ᠲᠥᠯᠥᠭᠡ ᠲᠠ ᠨᠠᠷ ᠢ ᠲᠠᠮᠠᠭᠠᠯᠠᠭᠰᠠᠨ ᠨᠢ ᠲᠡᠷᠡ ᠪᠢᠯᠡ᠃ 31 ᠠᠯᠢᠪᠠ ᠬᠣᠷᠣᠰᠣᠯ᠂ ᠠᠭᠤᠷ ᠬᠢᠯᠢᠩ᠂ ᠬᠡᠷᠡᠭᠦᠯ᠂ ᠭᠦᠳᠬᠡᠯ ᠢᠶᠡᠨ ᠠᠯᠢᠪᠠ ᠮᠠᠭᠤ ᠰᠠᠨᠠᠭ᠎ᠠ ᠶᠢᠨ ᠢᠶᠠᠨ ᠬᠠᠮᠲᠤ ᠬᠠᠶᠠᠵᠠᠭ᠎ᠠ᠃ 32 ᠲᠠ ᠨᠠᠷ ᠪᠡᠶ᠎ᠡ ᠪᠡᠶ᠎ᠡ ᠳᠡᠭᠡᠨ ᠡᠶᠡᠯᠳᠡᠭ ᠨᠢᠩᠵᠢᠨ ᠰᠡᠳᠬᠢᠯ ᠢᠶᠠᠷ ᠬᠠᠨᠳᠤ᠂ ᠪᠤᠷᠬᠠᠨ ᠲᠠ ᠨᠠᠷ ᠢ ᠾᠷᠢᠰᠲ᠋ᠣᠰ ᠤᠨ ᠳᠣᠲᠣᠷ᠎ᠠ ᠥᠷᠥᠰᠢᠶᠡᠭᠰᠡᠨ ᠦ ᠠᠳᠠᠯᠢ ᠨᠢᠭᠡ ᠨᠢᠭᠡᠨ ᠢᠶᠡᠨ ᠥᠷᠥᠰᠢᠶᠡ᠃