1 2 3 4 5 6 7 8


ᠳᠠᠭᠤᠤ ᠨᠤᠭᠤᠳ ᠤᠨ ᠳᠠᠭᠤᠤ ᠨᠠᠢ᠌ᠮᠠ
1 《ᠨᠡᠭᠡᠷᠡᠨ ᠴᠢ ᠮᠢᠨᠦ ᠠᠬ᠎ᠠ ᠪᠠᠢᠭᠰᠠᠨ ᠰᠠᠨ ᠪᠣᠯ ᠨᠢᠭᠡ ᠡᠬᠡ ᠶᠢ ᠪᠢᠳᠡ ᠬᠥᠬᠥᠵᠦ ᠥᠰᠥᠭᠰᠡᠨ ᠪᠣᠯ ᠭᠠᠳᠠᠨ᠎ᠠ ᠲᠠᠭᠠᠷᠠᠭᠰᠠᠨ ᠴᠤ ᠴᠢᠮᠠᠶᠢ ᠪᠢ ᠦᠨᠦᠰᠦᠨ᠎ᠡ ᠭᠠᠭᠴᠠ ᠴᠤ ᠬᠥᠮᠦᠨ ᠨᠠᠮᠠᠶᠢ ᠡᠰᠡ ᠵᠢᠭ᠍ᠰᠢᠨ᠎ᠡ᠃
2 ᠬᠥᠮᠦᠵᠢᠭᠦᠯᠵᠦ ᠥᠭᠭᠥᠭᠰᠡᠨ ᠡᠬᠡ ᠶᠢᠨ ᠳᠡᠭᠡᠨ ᠬᠥᠲᠥᠯᠵᠦ ᠴᠢᠮᠠᠶᠢ ᠠᠪᠠᠴᠢᠭᠠᠳ ᠠᠮᠲᠠᠲᠠᠨ ᠤ ᠳᠠᠷᠠᠰᠤ ᠠᠨᠠᠷ ᠤᠨ ᠢᠶᠠᠨ ᠰᠢᠭᠦᠰᠦ ᠶᠢ ᠤᠤᠭᠤᠯᠭᠠᠬᠤ ᠰᠠᠨ᠃
3 ᠵᠡᠭᠦᠨ ᠭᠠᠷ ᠨᠢ ᠲᠣᠯᠣᠭᠠᠢ ᠳᠣᠣᠷ᠎ᠠ ᠮᠢᠨᠢ ᠵᠥᠪ ᠭᠠᠷ ᠨᠢ ᠨᠠᠮᠠᠶᠢ ᠲᠡᠪᠡᠷᠢᠨ᠎ᠡ᠃
4 《ᠲᠠ ᠨᠠᠷ ᠢ ᠠᠨᠳᠠᠭᠠᠢᠯᠠᠭᠤᠯᠤᠶ᠎ᠠ᠂ ᠶᠧᠷᠦ᠋ᠰᠠᠯᠧᠮ ᠤᠨ ᠥᠬᠢᠳ ᠡ ᠬᠠᠢᠷ᠎ᠠ ᠶᠢ ᠮᠢᠨᠢ ᠬᠠᠨᠲᠠᠯ᠎ᠠ ᠨᠢ ᠪᠢᠲᠡᠭᠡᠢ ᠥᠳᠥᠭᠡᠨ ᠰᠡᠷᠢᠭᠡᠭᠡ᠃》

〔ᠨᠠᠢᠵᠠ ᠨᠠᠷ᠄〕
5 《ᠬᠣᠩ᠋ᠭᠣᠷ ᠢᠶᠠᠨ ᠨᠠᠯᠠᠭᠰᠠᠭᠠᠷ ᠴᠥᠯ ᠡᠴᠡ ᠠᠢᠰᠤᠢ ᠬᠡᠨ ᠪᠣᠯ︖》
〔ᠬᠣᠩ᠋ᠭᠣᠷ ᠪᠦᠰᠡᠭᠦᠢ᠄〕 《ᠠᠯᠢᠮ᠎ᠠ ᠶᠢᠨ ᠲᠡᠷᠡ ᠮᠣᠳᠣᠨ ᠳᠣᠣᠷ᠎ᠠ ᠴᠢᠮᠠᠶᠢ ᠪᠢ ᠰᠡᠷᠢᠭᠡᠯ᠎ᠡ ᠡᠵᠢ ᠨᠢ ᠡ᠊ᠨᠳᠡ ᠴᠢᠮ᠎ᠠ ᠠᠴᠠ ᠪᠣᠯᠵᠤ ᠡᠪᠡᠳᠦᠭᠰᠡᠨ ᠡ᠊ᠨᠳᠡ ᠡᠪᠡᠳᠴᠦ᠂ ᠴᠢᠮᠠᠶᠢ ᠲᠥᠷᠥᠭᠦᠯᠦᠭᠰᠡᠨ᠃
6 ᠥᠪᠡᠷ ᠢ ᠮᠢᠨᠢ ᠴᠢ ᠥᠷᠥ ᠵᠢᠷᠦᠬᠡᠨ ᠳᠡᠭᠡᠨ ᠲᠠᠮᠠᠭ᠎ᠠ ᠭᠠᠷ ᠳᠡᠭᠡᠷ᠎ᠡ ᠪᠡᠨ ᠴᠤ ᠲᠠᠮᠠᠭ᠎ᠠ ᠪᠣᠯᠭᠠᠨ ᠲᠠᠯᠪᠢ᠃ ᠬᠠᠢᠷ᠎ᠠ ᠭᠡᠳᠡᠭ ᠨᠢ ᠦᠬᠦᠯ ᠮᠡᠲᠦ ᠬᠦᠴᠦᠲᠡᠢ ᠬᠠᠷᠠᠳᠠᠯᠭ᠎ᠠ ᠦᠬᠦᠯ ᠦᠨ ᠣᠷᠣᠨ ᠮᠡᠲᠦ ᠬᠠᠷᠭᠢᠰ ᠤᠴᠢᠷ ᠲᠡᠭᠦᠨ ᠦ ᠳᠥᠯᠥ᠂ ᠲᠦᠢᠮᠡᠷ ᠦᠨ ᠳᠥᠯᠥ — ᠶᠣᠬᠣᠸᠠ ᠶᠢᠨ ᠭᠠᠯ᠃
7 ᠶᠡᠬᠡ ᠤᠰᠤ ᠨᠢ ᠪᠣᠯᠪᠠᠴᠤ ᠬᠠᠢᠷ᠎ᠠ ᠶᠢ ᠤᠨᠲᠠᠷᠠᠭᠠᠵᠤ ᠡᠰᠡ ᠳᠡᠢᠯᠦᠨ᠎ᠡ ᠦᠶᠡᠷ ᠤᠰᠤ ᠨᠢ ᠪᠣᠯᠪᠠᠴᠤ ᠵᠢᠪᠪᠦᠭᠦᠯᠵᠦ ᠲᠡᠭᠦᠨ ᠢ ᠦᠯᠦ ᠴᠢᠳᠠᠨ᠎ᠠ ᠭᠡᠷ ᠬᠣᠭᠰᠢᠯ ᠪᠦᠭᠦᠳᠡ ᠪᠡᠨ ᠬᠠᠢᠷ᠎ᠠ ᠶᠢᠨ ᠲᠥᠯᠥᠭᠡ ᠥᠭᠭᠥᠪᠡᠴᠦ ᠲᠡᠷᠡ ᠨᠢ ᠪᠠᠰᠤᠭᠳᠠᠨ ᠪᠠᠰᠤᠭᠳᠠᠬᠤ ᠪᠣᠯᠣᠨ᠎ᠠ᠃》

〔ᠨᠠᠢᠵᠠ ᠨᠠᠷ᠄〕
8 《ᠬᠠᠷᠠᠬᠠᠨ ᠬᠥᠬᠥ ᠲᠠᠢ ᠪᠣᠯᠣᠭ᠎ᠠ ᠦᠭᠡᠢ ᠵᠢᠭᠠᠬᠠᠨ ᠳᠡᠭᠦᠦ ᠮᠠᠨ ᠤ ᠬᠢᠨ ᠳᠤ ᠪᠤᠢ ᠲᠡᠭᠦᠨ ᠢ ᠤᠷᠤᠭ ᠭᠤᠶᠤᠬᠤ ᠶᠢᠨ ᠲᠡᠷᠡ ᠴᠠᠭ ᠲᠤ ᠳᠡᠭᠦᠦ ᠶᠢᠨ ᠢᠶᠠᠨ ᠲᠥᠯᠥᠭᠡ ᠪᠢᠳᠡ ᠶᠠᠭᠤ ᠬᠢᠬᠦ ᠪᠤᠢ︖
9 ᠬᠡᠷᠪᠡ ᠲᠡᠷᠡ ᠬᠠᠨ᠎ᠠ ᠪᠠᠢᠭᠰᠠᠨ ᠪᠣᠯ᠂ ᠳᠡᠭᠡᠭᠦᠷ ᠨᠢ ᠮᠥᠩᠭᠥᠨ ᠴᠠᠢᠵᠠ ᠪᠠᠷᠢᠬᠤ ᠰᠠᠨ ᠬᠡᠷᠪᠡ ᠲᠡᠷᠡ ᠬᠠᠭᠠᠯᠭ᠎ᠠ ᠶᠤᠮ ᠪᠣᠯ᠂ ᠲᠡᠭᠦᠨ ᠢ ᠪᠠᠨ ᠬᠤᠱᠢ ᠶᠢᠨ ᠪᠠᠩ᠋ᠵᠠ ᠪᠠᠷ ᠬᠠᠰᠢᠬᠤ ᠰᠠᠨ᠃》

〔ᠬᠣᠩ᠋ᠭᠣᠷ ᠪᠦᠰᠡᠭᠦᠢ᠄〕
10 《ᠬᠠᠷᠢᠨ ᠪᠢ ᠬᠠᠨ᠎ᠠ᠂ ᠬᠥᠬᠥ ᠮᠢᠨᠢ ᠴᠠᠮᠬᠠᠭ ᠶᠤᠮ ᠠᠮᠠᠷᠠᠭ ᠤᠨ ᠢᠶᠠᠨ ᠨᠢᠳᠦᠨ ᠳᠦ ᠪᠢ ᠠᠮᠤᠷ ᠢ ᠣᠯᠣᠭᠰᠠᠨ ᠪᠦᠰᠡᠭᠦᠢ ᠪᠣᠯᠵᠠᠢ᠃
11 ᠪᠠᠯ ᠬᠠᠮᠣᠨ 11  ᠳᠤ ᠰᠣᠯᠣᠮᠣᠨ ᠦᠵᠦᠮ ᠦᠨ ᠴᠡᠴᠡᠷᠯᠢᠭ ᠲᠠᠢ ᠴᠡᠴᠡᠷᠯᠢᠭ ᠢᠶᠠᠨ ᠲᠡᠷᠡ ᠠᠷᠠᠴᠢᠯᠠᠬᠤ ᠬᠥᠮᠦᠰ ᠲᠦ ᠥᠭᠴᠦ ᠬᠥᠮᠦᠨ ᠪᠦᠷᠢ ᠦᠷ᠎ᠡ ᠵᠢᠮᠢᠰ ᠤᠨ ᠬᠢᠨᠢ ᠲᠥᠯᠥᠭᠡ ᠮᠥᠩᠭᠥᠨ ᠵᠣᠭᠣᠰ ᠮᠢᠩ᠋ᠭ᠎ᠠ ᠶᠢ ᠥᠭᠳᠡᠭ ᠠᠵᠢ᠃
12 ᠥᠪᠡᠷ ᠲᠦ ᠮᠢᠨᠢ ᠪᠤᠢ ᠥᠪᠡᠷ ᠦᠨ ᠭᠡᠰᠡᠨ ᠦᠵᠦᠮ ᠦᠨ ᠴᠡᠴᠡᠷᠯᠢᠭ ᠥ ᠶᠠᠭᠠᠬᠢᠬᠤ ᠪᠤᠢ᠂ ᠰᠣᠯᠣᠮᠣᠨ᠂ ᠮᠢᠩ᠋ᠭ᠎ᠠ ᠨᠢ ᠲᠠᠨ ᠤ ᠬᠢ ᠬᠣᠶᠠᠷ ᠵᠠᠭᠤ ᠨᠢ ᠦᠷ᠎ᠡ ᠵᠢᠮᠢᠰ ᠠᠷᠠᠴᠢᠯᠠᠭᠴᠢᠳ ᠤᠨ ᠬᠢ᠃》

〔ᠠᠮᠠᠷᠠᠭ ᠵᠠᠯᠠᠭᠤ᠄〕
13 《ᠴᠡᠴᠡᠷᠯᠢᠭ ᠲᠤ ᠰᠠᠭᠤᠭᠴᠢ ᠡ ᠳᠠᠭᠤ ᠬᠣᠭᠣᠯᠠᠢ ᠶᠢ ᠴᠢᠨᠢ ᠨᠥᠬᠥᠳ ᠮᠠᠨᠢ ᠠᠩ᠋ᠬᠠᠷᠴᠤ ᠪᠠᠢᠨ᠎ᠠ ᠨᠠᠳᠠ ᠳᠤ ᠴᠤ ᠰᠣᠨᠣᠰᠬᠠᠭᠠᠷᠠᠢ ᠳᠠ︕》

〔ᠬᠣᠩ᠋ᠭᠣᠷ ᠪᠦᠰᠡᠭᠦᠢ᠄〕
14 《ᠬᠣᠩ᠋ᠭᠣᠷ ᠮᠢᠨᠢ᠂ ᠬᠤᠷᠳᠤᠯᠠᠭᠠᠴᠢ ᠦᠨᠦᠷᠲᠡᠨ ᠦ ᠠᠭᠤᠯᠠᠰ ᠤᠨ ᠳᠡᠭᠡᠷᠡᠬᠢ ᠭᠥᠷᠥᠭᠡᠰᠦ ᠵᠣᠷᠭᠣᠯ ᠮᠡᠲᠦ ᠪᠠᠢᠭᠠᠷᠠᠢ᠃》