1 2 3 4 5 6 7 8


ᠳᠠᠭᠤᠤ ᠨᠤᠭᠤᠳ ᠤᠨ ᠳᠠᠭᠤᠤ ᠳᠥᠷᠪᠡ
〔ᠠᠮᠠᠷᠠᠭ ᠵᠠᠯᠠᠭᠤ᠄〕
1 ᠬᠥᠭᠡᠷᠦᠬᠦᠨ ᠡ᠂ ᠬᠠᠨᠢ ᠮᠢᠨᠢ ᠬᠥᠭᠡᠷᠦᠬᠦᠨ ᠡ ᠬᠥᠷᠬᠥᠨ 6 ᠤ ᠴᠠᠭᠠᠨ᠎ᠠ ᠪᠠᠨ ᠨᠢᠳᠦ ᠴᠢᠨᠢ ᠲᠠᠭᠲᠠᠭᠠᠨ ᠤ ᠬᠢ ᠡ ᠠᠰᠬᠠᠷᠠᠨ ᠪᠠᠭᠤᠬᠤ ᠭᠡᠵᠢᠭᠡ ᠴᠢᠨᠢ ᠭᠢᠯᠧᠶᠠᠳ᠋ ᠠᠭᠤᠯᠠ ᠠᠴᠠ ᠤᠷᠤᠭᠤᠳᠠᠬᠤ ᠢᠮᠠᠭᠠᠨ ᠰᠦᠷᠦᠭ ᠠᠳᠠᠯᠢ᠃
2 ᠰᠢᠳᠦ ᠴᠢᠨᠢ ᠬᠢᠷᠭᠠᠭᠤᠯᠵᠤ ᠤᠬᠢᠶᠠᠯᠭᠠᠭᠠᠳ ᠭᠠᠷᠤᠭᠰᠠᠨ ᠰᠦᠷᠦᠭ ᠬᠣᠨᠢ ᠠᠳᠠᠯᠢ ᠰᠤᠪᠠᠢᠷᠠᠯ ᠦᠭᠡᠢ ᠢᠬᠡᠷᠡᠯᠡᠭᠰᠡᠨ ᠯᠦᠭᠡ ᠠᠳᠠᠯᠢ᠂
3 ᠣᠷᠣᠭᠤᠯ ᠴᠢᠨᠢ ᠤᠯᠠᠭᠠᠬᠠᠨ ᠲᠠᠰᠠᠮ᠎ᠠ ᠬᠣᠰᠢᠭᠤ ᠴᠢᠨᠢ ᠳᠤᠷ᠎ᠠ ᠲᠠᠲᠠᠮ᠎ᠠ ᠬᠠᠴᠠᠷ ᠨᠢ ᠬᠥᠷᠬᠥᠨ ᠴᠠᠭᠠᠨ᠎ᠠ ᠪᠠᠨ ᠠᠨᠠᠷ ᠵᠢᠮᠢᠰᠦᠨ ᠵᠦᠰᠦᠮ᠃
4 ᠬᠦᠵᠦᠭᠦᠦ ᠴᠢᠨᠢ ᠳ᠋ᠠᠸᠢᠳ᠋ ᠬᠠᠭᠠᠨ ᠤ ᠬᠦᠴᠦᠲᠦ ᠡᠷᠡᠰ ᠦᠨ ᠮᠢᠩ᠋ᠭᠠᠨ ᠲᠣᠯᠢ 7 ᠪᠠᠮᠪᠠᠢ ᠡᠯᠭᠦᠭᠰᠡᠨ ᠪᠠᠭᠠᠨ᠎ᠠ 8 ᠠᠳᠠᠯᠢ᠃
5 ᠢᠵᠢᠯᠢᠬᠡᠨ ᠬᠥᠬᠥ ᠨᠢ ᠰᠠᠷᠠᠨ᠎ᠠ ᠴᠡᠴᠡᠭ ᠦᠨ ᠳᠤᠮᠳᠠ ᠢᠳᠡᠰᠢᠯᠡᠨ ᠪᠠᠢᠭ᠎ᠠ ᠢᠬᠡᠷ᠎ᠡ ᠢᠨᠵᠠᠭ᠎ᠠ ᠮᠡᠲᠦ
6 ᠡᠳᠦᠷ ᠠᠮᠢᠰᠬᠤᠯᠯᠠᠵᠤ᠂ ᠰᠡᠭᠦᠳᠡᠷ ᠳᠠᠢᠵᠢᠬᠤ ᠠᠴᠠ ᠤᠷᠢᠲᠠᠨ ᠮᠢᠷᠷᠠ ᠶᠢᠨ ᠠᠭᠤᠯᠠᠰ᠂ ᠭᠦᠭᠦᠯ ᠦᠨ ᠲᠣᠯᠣᠭᠠᠳ ᠢᠶᠠᠷ ᠮᠢᠨᠦ ᠪᠡᠶ᠎ᠡ ᠬᠥᠳᠡᠯᠦᠨ ᠣᠳᠣᠨ᠎ᠠ᠃
7 ᠬᠠᠨᠢ ᠮᠢᠨᠢ ᠲᠡᠭᠦᠰ ᠰᠠᠢᠬᠠᠨ ᠴᠢᠮ᠎ᠠ ᠳᠤ ᠮᠢᠨᠢ ᠥ ᠦᠭᠡᠢ᠃
8 ᠬᠠᠮᠲᠤ ᠳᠠᠭᠠᠨ ᠯᠧᠪᠠᠨᠣᠨ ᠠᠴᠠ ᠨᠠᠳᠠ ᠲᠠᠢ ᠰᠦᠢᠲᠦ ᠪᠦᠰᠡᠭᠦᠢ ᠮᠢᠨᠢ ᠡ᠂ ᠯᠧᠪᠠᠨᠣᠨ ᠠᠴᠠ ᠨᠠᠳᠠ ᠲᠠᠢ ᠶᠠᠪᠤᠭᠠᠴᠢ ᠠᠮᠠᠨᠠ ᠶᠢᠨ 9 ᠣᠷᠭᠢᠯ ᠠᠴᠠ ᠰᠧᠨᠢᠷ᠂ ᠾᠧᠷᠮᠣᠨ ᠤ ᠣᠷᠣᠢ ᠠᠴᠠ ᠠᠷᠰᠯᠠᠨ ᠤ ᠡᠭᠦᠷ ᠡᠴᠡ ᠪᠠᠷᠰ ᠤᠨ ᠠᠭᠤᠯᠠᠨ ᠠᠴᠠ ᠪᠠᠭᠤᠵᠤ ᠢᠷᠡᠭᠡᠴᠢ᠃
9 ᠰᠦᠢᠲᠦ ᠪᠦᠰᠡᠭᠦᠢ ᠳᠡᠭᠦᠦᠳᠡᠢ ᠮᠢᠨᠢ ᠴᠢ ᠵᠢᠷᠦᠬᠡ ᠶᠢ ᠮᠢᠨᠢ ᠡᠵᠡᠮᠳᠡᠪᠡ ᠵᠥᠪᠬᠡᠨ ᠭᠠᠭᠴᠠ ᠬᠠᠷᠠᠴᠠ ᠪᠠᠷ ᠢᠶᠠᠨ ᠵᠡᠭᠦᠯᠲᠡ ᠶᠢᠨ ᠭᠠᠭᠴᠠ ᠮᠥᠬᠥᠯᠢᠭ ᠢᠶᠠᠷ ᠢᠶᠠᠨ ᠵᠢᠷᠦᠬᠡ ᠶᠢ ᠮᠢᠨᠢ ᠡᠵᠡᠮᠳᠡᠪᠡ᠃
10 ᠢᠨᠠᠭ ᠬᠠᠢᠷ᠎ᠠ ᠴᠢᠨᠢ ᠶᠠᠭᠤᠲᠠᠢ ᠭᠣᠶᠣᠬᠠᠨ ᠰᠦᠢᠲᠦ ᠪᠦᠰᠡᠭᠦᠢ ᠳᠡᠭᠦᠦᠳᠡᠢ ᠮᠢᠨᠢ ᠡ ᠢᠨᠠᠭ ᠬᠠᠢᠷ᠎ᠠ ᠴᠢᠨᠢ ᠳᠠᠷᠠᠰᠤᠨ ᠠᠴᠠ ᠠᠩᠬᠢᠯᠤᠮ᠎ᠠ ᠲᠣᠰᠣ ᠴᠢᠨᠢ ᠶᠠᠮᠠᠷ ᠴᠤ ᠦᠨᠦᠷᠲᠡᠨ ᠡᠴᠡ ᠢᠯᠡᠭᠦᠦ︕
11 ᠣᠷᠣᠭᠤᠯ ᠠᠴᠠ ᠴᠢᠨᠢ ᠪᠠᠯ ᠳᠤᠰᠤᠯᠠᠮ᠎ᠠ᠂ ᠰᠦᠢᠲᠦ ᠪᠦᠰᠡᠭᠦᠢ ᠮᠢᠨᠢ ᠪᠠᠯ ᠰᠦ᠋ ᠬᠣᠶᠠᠷ ᠴᠢᠨᠦ ᠮᠢᠨᠢ ᠬᠡᠯᠡ ᠳᠣᠣᠷ᠎ᠠ ᠪᠠᠰᠠ ᠡᠮᠦᠰᠬᠡᠯ ᠦᠨ ᠴᠢᠨᠢ ᠠᠩᠬᠢᠯᠤᠭᠠᠨ ᠨᠢ ᠯᠧᠪᠠᠨᠣᠨ ᠤ ᠠᠩᠬᠢᠯᠤᠭ ᠠᠳᠠᠯᠢ᠂
12 ᠰᠦᠢᠲᠦ ᠪᠦᠰᠡᠭᠦᠢ ᠳᠡᠭᠦᠦᠳᠡᠢ ᠴᠢ ᠮᠢᠨᠢ ᠬᠠᠭᠠᠯᠲᠠ ᠲᠠᠢ ᠴᠡᠴᠡᠷᠯᠢᠭ ᠬᠠᠭᠠᠯᠲᠠ ᠲᠠᠢ ᠬᠤᠳᠳᠤᠭ ᠬᠠᠪᠬᠠᠭᠠᠰᠤ ᠲᠠᠢ ᠪᠤᠯᠠᠭ᠃
13 ᠴᠢᠨᠦ ᠮᠢᠨᠢ ᠰᠦᠶ᠎ᠡ ᠨᠦᠭᠦᠳ ᠠᠨᠠᠷ ᠤᠨ ᠴᠡᠴᠡᠷᠯᠢᠭ ᠰᠢᠯᠢᠮᠡᠯ ᠵᠢᠮᠢᠰ ᠲᠠᠢ ᠰᠤᠮᠤᠨ ᠴᠡᠴᠡᠭ ᠬᠦᠵᠢᠯᠢᠭ ᠡᠪᠡᠰᠦ ᠲᠠᠢ
14 ᠵᠢᠳᠠ ᠬᠢᠭᠡᠳ ᠭᠦᠷᠭᠦᠮ ᠴᠡᠴᠡᠭ ᠵᠢᠭᠠᠷᠲᠤ ᠮᠣᠳᠣ ᠪᠣᠯᠣᠨ ᠭᠠᠪᠢᠷ᠎ᠠ ᠭᠦᠭᠦᠯ ᠪᠣᠯᠣᠨ ᠵᠠᠭᠤᠨ ᠨᠠᠰᠤᠲᠤ ᠨᠤᠭᠤᠳ ᠬᠠᠮᠤᠭ ᠲᠠᠩᠰᠤᠭ ᠦᠨᠦᠷᠲᠡᠨ
15 ᠴᠡᠴᠡᠷᠯᠢᠭ ᠤᠨ ᠪᠤᠯᠠᠭ᠂ ᠠᠮᠢᠳᠤ ᠤᠰᠤᠨ ᠬᠤᠳᠳᠤᠭ ᠯᠧᠪᠠᠨᠣᠨ ᠤ ᠤᠨᠳᠤᠷᠤᠭ᠎ᠠ᠃》

〔ᠬᠣᠩ᠋ᠭᠣᠷ ᠪᠦᠰᠡᠭᠦᠢ᠄〕
16 《ᠤᠮᠠᠷ᠎ᠠ ᠶᠢᠨ ᠰᠠᠯᠬᠢ ᠪᠣᠰᠲᠤᠭᠠᠢ ᠡᠮᠦᠨ᠎ᠡ ᠶᠢᠨ ᠰᠠᠯᠬᠢ ᠴᠤ ᠢᠷᠡᠲᠦᠭᠡᠢ ᠴᠡᠴᠡᠷᠯᠢᠭ ᠲᠤ ᠮᠢᠨᠢ ᠰᠡᠪᠰᠡᠭᠦᠯᠦᠨ ᠰᠡᠩᠬᠢ ᠦᠨᠦᠷ ᠢ ᠨᠢ ᠲᠠᠷᠬᠠᠭᠠᠲᠤᠭᠠᠢ ᠬᠣᠩ᠋ᠭᠣᠷ ᠮᠢᠨᠢ ᠴᠡᠴᠡᠷᠯᠢᠭ ᠲᠡᠭᠡᠨ ᠢᠷᠡᠭᠡᠰᠡᠢ ᠠᠮᠲᠠᠲᠠᠢᠬᠠᠨ ᠵᠢᠮᠢᠰ ᠢ ᠨᠢ ᠢᠲᠡᠭᠡᠰᠡᠢ᠃》