1 2 3 4 5 6 7 8


ᠳᠠᠭᠤᠤ ᠨᠤᠭᠤᠳ ᠤᠨ ᠳᠠᠭᠤᠤ ᠲᠠᠪᠤ
〔ᠠᠮᠠᠷᠠᠭ ᠵᠠᠯᠠᠭᠤ᠄〕
1 《ᠴᠡᠴᠡᠷᠯᠢᠭ ᠲᠡᠭᠡᠨ ᠪᠢ ᠣᠷᠣᠯ᠎ᠠ ᠰᠦᠢᠲᠦ ᠳᠡᠭᠦᠦᠳᠡᠢ ᠮᠢᠨᠢ ᠡ ᠮᠢᠷᠷᠠ ᠦᠨᠦᠷᠲᠡᠨ ᠢᠶᠡᠨ ᠪᠢ ᠬᠤᠷᠢᠶᠠᠯ᠎ᠠ ᠰᠠᠷᠬᠢᠨᠠᠭ ᠢᠶᠠᠨ ᠪᠠᠯ ᠲᠠᠢ ᠪᠠᠨ ᠢᠳᠡᠯ᠎ᠡ ᠳᠠᠷᠠᠰᠤ ᠪᠠᠨ ᠰᠦ᠋ ᠲᠠᠢ ᠪᠠᠨ ᠤᠤᠭᠤᠯ᠎ᠠ᠃》

〔ᠨᠠᠢᠵᠠ ᠨᠠᠷ᠄〕 ᠢᠳᠡᠵᠡᠭᠡ᠂ ᠠᠨᠳᠠ ᠨᠠᠷ ᠮᠢᠨᠢ ᠤᠤᠭᠤᠵᠠᠭ᠎ᠠ᠂ ᠬᠠᠨᠲᠠᠯ᠎ᠠ ᠪᠠᠨ ᠤᠤᠭᠤᠵᠠᠭ᠎ᠠ᠂ ᠬᠠᠢᠷᠠᠲᠤ ᠨᠤᠭᠤᠳ ᠡ᠃

 ᠬᠠᠢᠷ᠎ᠠ ᠶᠢᠨ ᠲᠥᠯᠥᠪᠰᠢᠷᠡᠯ
〔ᠬᠣᠩ᠋ᠭᠣᠷ ᠪᠦᠰᠡᠭᠦᠢ᠄〕
2 《ᠬᠠᠷᠢᠨ ᠪᠢ ᠵᠡᠭᠦᠷᠮᠡᠭᠯᠡᠨ ᠪᠠᠢᠪᠠ ᠵᠢᠷᠦᠬᠡ ᠮᠢᠨᠢ ᠰᠡᠷᠡᠭᠦᠨ ᠪᠠᠢᠯ᠎ᠠ ᠰᠣᠨᠣᠰᠣᠭᠠᠴᠢ︕ ᠠᠮᠠᠷᠠᠭ ᠮᠢᠨᠢ ᠲᠣᠭᠰᠢᠵᠤ ᠪᠠᠢᠨ᠎ᠠ 〈ᠳᠡᠭᠦᠦᠳᠡᠢ ᠮᠢᠨᠢ᠂ ᠬᠠᠨᠢ ᠮᠢᠨᠢ ᠣᠩ᠋ᠭᠣᠢᠯᠭᠠᠭᠠᠷᠠᠢ᠂ ᠥ᠂ ᠲᠠᠭᠲᠠᠭᠠᠬᠠᠨ ᠮᠢᠨᠢ᠂ ᠥ ᠦᠭᠡᠢ ᠴᠢ ᠮᠢᠨᠢ︕ ᠥᠪᠡᠷ ᠦᠨ ᠮᠢᠨᠢ ᠲᠣᠯᠣᠭᠠᠢ ᠶᠢ ᠰᠢᠭᠦᠳᠡᠷᠢ ᠪᠦᠷᠢᠭᠡᠳ ᠦᠳᠡᠰᠢ ᠶᠢᠨ ᠴᠢᠭᠢᠭ ᠲᠤ ᠭᠡᠵᠢᠭᠡ ᠮᠢᠨᠢ ᠨᠣᠷᠴᠠᠢ〉 ᠭᠡᠨ᠎ᠡ᠃
3 ᠲᠡᠷᠯᠢᠭ ᠢᠶᠠᠨ ᠪᠢ ᠲᠠᠢᠯᠴᠢᠬᠠᠭᠰᠠᠨ ᠳᠠᠬᠢᠭᠠᠳ ᠡᠮᠦᠰᠴᠦ ᠶᠠᠭᠠᠬᠢᠬᠤ ᠶᠤᠮ ᠪᠤᠢ︖ ᠬᠥᠯ ᠢᠶᠡᠨ ᠪᠠᠰᠠ ᠤᠬᠢᠶᠠᠴᠢᠬᠠᠭᠰᠠᠨ ᠭᠬᠢᠷ ᠪᠣᠯᠭᠠᠵᠤ ᠶᠠᠭᠠᠬᠢᠬᠤ ᠶᠤᠮ ᠪᠤᠢ︖
4 ᠬᠣᠩ᠋ᠭᠣᠷ ᠮᠢᠨᠢ ᠭᠠᠷ ᠢᠶᠠᠨ ᠬᠠᠲᠠᠪᠴᠢ ᠪᠠᠷ ᠶᠠᠪᠤᠭᠤᠯᠤᠯ᠎ᠠ ᠬᠠᠷᠢᠨ ᠳᠣᠲᠣᠷ᠎ᠠ ᠮᠢᠨᠢ ᠪᠣᠯᠭᠢᠯᠠᠯ᠎ᠠ᠂
5 ᠬᠣᠩ᠋ᠭᠣᠷ ᠲᠠᠭᠠᠨ ᠣᠩ᠋ᠭᠣᠢᠯᠭᠠᠬᠤ ᠪᠠᠷ ᠪᠣᠰᠣᠯ᠎ᠠ ᠬᠣᠶᠠᠷ ᠭᠠᠷ ᠠᠴᠠ ᠮᠢᠨᠢ ᠮᠢᠷᠷᠠ ᠳᠤᠰᠤᠯᠠᠯ᠎ᠠ ᠬᠤᠷᠤᠭᠤ ᠨᠤᠭᠤᠳ ᠮᠢᠨᠢ ᠮᠢᠷᠷᠠ ᠶᠢ ᠬᠠᠭᠠᠯᠭᠠᠨ ᠤ ᠪᠠᠷᠢᠭᠤᠯ ᠳᠡᠭᠡᠷ᠎ᠡ ᠳᠤᠰᠤᠭᠠᠯ᠎ᠠ᠃
6 ᠬᠣᠩ᠋ᠭᠣᠷ ᠲᠠᠭᠠᠨ ᠪᠢ ᠣᠩ᠋ᠭᠣᠢᠯᠭᠠᠯ᠎ᠠ ᠬᠠᠷᠢᠨ ᠬᠣᠩ᠋ᠭᠣᠷ ᠮᠢᠨᠢ ᠶᠠᠪᠤᠴᠢᠬᠠᠵᠠᠢ︕ ᠡᠷᠭᠢᠭᠡᠳ ᠲᠡᠷᠡ ᠶᠠᠪᠤᠬᠤ ᠳᠤᠨᠢ ᠡᠭᠡᠭᠡ ᠯᠠ ᠤᠬᠠᠭᠠᠨ ᠠᠯᠳᠠᠭᠰᠠᠨ ᠦᠭᠡᠢ ᠬᠠᠢᠭᠠᠳ ᠴᠤ ᠲᠡᠭᠦᠨ ᠢ ᠪᠠᠨ ᠣᠯᠣᠭᠰᠠᠨ ᠦᠭᠡᠢ ᠬᠠᠰᠬᠢᠷᠤᠭᠠᠳ ᠴᠤ ᠲᠡᠷᠡ ᠬᠠᠷᠢᠭᠤᠯᠤᠭᠰᠠᠨ ᠦᠭᠡᠢ᠃
7 ᠭᠡᠲᠡᠯ᠎ᠡ ᠨᠠᠳᠠ ᠲᠠᠢ ᠲᠠᠭᠠᠷᠠᠪᠠ᠂ ᠬᠣᠲᠠ ᠡᠷᠭᠢᠬᠦ ᠬᠠᠷᠠᠭᠤᠯ ᠤᠨ ᠬᠢᠨ ᠭᠡᠮᠲᠦᠯ ᠰᠢᠷᠬ᠎ᠠ ᠣᠯᠲᠠᠯ᠎ᠠ ᠲᠡᠳᠡ ᠨᠠᠮᠠᠶᠢ ᠵᠣᠳᠣᠪᠠ ᠬᠡᠪᠡᠨᠡᠭ ᠢ ᠮᠢᠨᠢ ᠨᠠᠳᠠ ᠠᠴᠠ ᠬᠡᠷᠡᠮ ᠦᠨ ᠮᠠᠨᠠᠭᠠᠴᠢᠳ ᠬᠠᠭᠤᠯᠪᠠ᠃
8 ᠲᠠ ᠨᠠᠷ ᠠᠴᠠ ᠭᠤᠶᠤᠶ᠎ᠠ᠂ ᠶᠧᠷᠦ᠋ᠰᠠᠯᠧᠮ ᠤᠨ ᠥᠬᠢᠳ ᠡ ᠲᠠᠭᠠᠷᠠᠯᠳᠤᠬᠤ ᠶᠤᠮ ᠪᠣᠯ ᠬᠠᠢᠷᠠᠲᠤ ᠳᠤ ᠮᠢᠨᠢ ᠳᠤᠷᠠᠯᠠᠯ ᠳᠠᠭᠠᠨ ᠪᠣᠯᠣᠭᠠᠳ ᠪᠡᠲᠡᠷᠡᠵᠦ ᠪᠤᠢ ᠶᠢ ᠮᠢᠨᠢ ᠳᠤᠭᠤᠯᠭᠠᠭᠠᠷᠠᠢ ᠯᠠ ᠭᠡᠰᠡᠨ ᠶᠤᠮ᠃》

〔ᠨᠠᠢᠵᠠ ᠨᠠᠷ᠄〕
9 《ᠢᠨᠠᠭ ᠴᠢᠨᠢ ᠢᠨᠠᠭ ᠠᠴᠠ ᠢᠯᠭᠠᠭ᠎ᠠ ᠨᠢ ᠶᠠᠭᠤ ᠪᠤᠢ︖ ᠶᠠᠩᠵᠤ ᠶᠢᠨ ᠰᠠᠢᠬᠠᠨ ᠪᠦᠰᠡᠭᠦᠢ ᠮᠢᠨᠢ ᠢᠨᠠᠭ ᠴᠢᠨᠢ ᠢᠨᠠᠭ ᠠᠴᠠ ᠢᠯᠭᠠᠭ᠎ᠠ ᠨᠢ ᠶᠠᠭᠤ ᠪᠤᠢ︖ ᠶᠠᠭᠠᠬᠢᠬᠤ ᠭᠡᠵᠦ ᠪᠢᠳᠡᠨ ᠢ ᠭᠤᠶᠤᠵᠤ ᠪᠠᠢᠨ᠎ᠠ ᠪᠤᠢ︖》

〔ᠬᠣᠩ᠋ᠭᠣᠷ ᠪᠦᠰᠡᠭᠦᠢ᠄〕

10 《ᠬᠣᠩ᠋ᠭᠣᠷ ᠮᠢᠨᠢ ᠤᠯᠠᠭ᠎ᠠ ᠪᠤᠲᠠᠷᠠᠨ ᠲᠦᠮᠡᠨ ᠦ ᠳᠤᠮᠳᠠ ᠪᠠᠨ ᠲᠣᠳᠣ᠂
11 ᠲᠣᠯᠣᠭᠠᠢ ᠨᠢ ᠭᠡᠪᠡᠯ ᠰᠢᠵᠢᠷ ᠠᠯᠲᠠ ᠳᠣᠯᠭᠢᠶᠠᠯᠠᠭ ᠦᠰᠦ ᠨᠢ ᠬᠡᠷᠢᠶ᠎ᠡ ᠠᠳᠠᠯᠢ ᠬᠠᠷᠠᠬᠠᠨ᠃
12 ᠬᠣᠶᠠᠷ ᠨᠢᠳᠦ ᠨᠢ ᠭᠣᠣᠯ ᠤᠨ ᠬᠥᠪᠡᠭᠡᠨ ᠦ ᠬᠣᠣᠰ ᠲᠠᠭᠲᠠᠭ᠎ᠠ ᠰᠦ᠋ ᠳᠤ ᠤᠬᠢᠶᠠᠵᠤ ᠰᠠᠭᠤᠯᠭᠠᠭᠰᠠᠨ ᠰᠢᠭᠢᠳᠬᠡᠭᠡ ᠠᠳᠠᠯᠢ᠃
13 ᠬᠣᠶᠠᠷ ᠬᠠᠴᠠᠷ ᠨᠢ ᠭᠡᠪᠡᠰᠦ ᠠᠩᠬᠢᠯᠤᠮ᠎ᠠ ᠦᠨᠦᠷᠲᠡᠨ ᠦ ᠮᠠᠨᠳᠠᠯ ᠠᠩᠬᠢᠯᠤᠭᠤᠨ ᠴᠡᠴᠡᠭᠡᠰ ᠦᠨ ᠴᠣᠭᠴᠠᠯᠠᠯ ᠣᠷᠣᠭᠤᠯ ᠨᠢ ᠭᠡᠪᠡᠯ ᠤᠷᠤᠰᠬᠤ ᠮᠢᠷᠷᠠ ᠶᠢ ᠤᠨᠳᠤᠷᠠᠭᠠᠬᠤ ᠰᠠᠷᠠᠨ᠎ᠠ᠃
14 ᠮᠤᠲᠤᠷ ᠨᠢ ᠭᠡᠪᠡᠯ ᠮᠣᠯᠣᠷ ᠰᠢᠭᠢᠳᠬᠡᠭᠰᠡᠨ ᠠᠯᠲᠠᠨ ᠲᠠᠶᠠᠭ ᠪᠡᠶ᠎ᠡ ᠨᠢ ᠭᠡᠪᠡᠯ ᠪᠢᠳᠦᠷᠶ᠎ᠡ ᠪᠡᠷ ᠪᠦᠷᠢᠭᠰᠡᠨ ᠵᠠᠭᠠᠨ ᠤ ᠶᠠᠰᠤᠨ ᠰᠡᠢᠯᠪᠦᠷᠢ᠃
15 ᠰᠢᠯᠪᠢ ᠭᠤᠶ᠎ᠠ ᠨᠢ ᠪᠣᠯᠬᠤ ᠪᠠᠷ ᠰᠢᠵᠢᠷ ᠠᠯᠲᠠᠨ ᠰᠠᠭᠤᠷᠢ ᠲᠠᠢ ᠭᠠᠨᠲᠢᠭ ᠴᠢᠯᠠᠭᠤᠨ ᠲᠤᠯᠭᠠᠭᠤᠷᠢ ᠳᠦᠷᠢ ᠨᠢ ᠯᠧᠪᠠᠨᠣᠨ ᠰᠢᠭ᠋᠂ ᠪᠠᠰᠠ ᠬᠤᠱᠢ ᠮᠡᠲᠦ ᠰᠢᠯᠢᠳᠡᠭ᠃
16 ᠠᠮᠠ ᠨᠢ ᠰᠢᠬᠢᠷ ᠪᠤᠷᠠᠮ ᠥᠪᠴᠢ ᠪᠠᠷ ᠢᠶᠠᠨ ᠬᠠᠢᠷ᠎ᠠ ᠶᠢ ᠲᠠᠲᠠᠮ᠎ᠠ ᠠᠮᠠᠷᠠᠭ ᠮᠢᠨᠢ ᠡᠨᠡ ᠡ᠂ ᠠᠨᠳᠠ ᠮᠢᠨᠢ ᠡᠢᠮᠦ ᠡ ᠶᠧᠷᠦ᠋ᠰᠠᠯᠧᠮ ᠤᠨ ᠥᠬᠢᠳ ᠡ᠃》