ᠶᠧᠷᠧᠮᠢᠶ᠎ᠠ ᠬᠣᠷᠢᠨ ᠳᠣᠯᠣᠭ᠎ᠠ
ᠶᠦᠳᠠ ᠨᠧᠪᠦ᠋ᠺᠠᠨᠧᠽᠠᠷ ᠲᠤ ᠦᠢᠯᠡᠴᠢᠯᠡᠨ᠎ᠡ
1 ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠽᠧᠳᠧᠺᠢᠶ᠎ᠠ ᠶᠢᠨ ᠬᠠᠭᠠᠨᠴᠢᠯᠠᠯ ᠤᠨ ᠡᠬᠢᠨ ᠤ ᠦᠶ᠎ᠡ ᠳᠦ᠂ ᠶᠣᠬᠣᠸᠠ ᠠᠴᠠ ᠶᠧᠷᠧᠮᠢᠶ᠎ᠠ ᠳᠤ ᠡᠨᠡ ᠦᠭᠡ ᠢᠷᠡᠪᠡ᠃ 2 ᠶᠣᠬᠣᠸᠠ ᠨᠠᠳᠠ ᠳᠤ ᠠᠢᠯᠠᠳᠤᠨ᠄ 《ᠴᠢ ᠤᠶᠠᠭ᠎ᠠ ᠪᠣᠯᠣᠨ ᠬᠥᠨᠳᠡᠯᠡᠨ ᠮᠣᠳᠣ ᠪᠠᠷ ᠪᠤᠭᠤᠯᠠᠭ᠎ᠠ ᠨᠤᠭᠤᠳ ᠢ ᠬᠢᠵᠦ᠂ ᠬᠦᠵᠦᠭᠦᠨ ᠳᠡᠭᠡᠨ ᠲᠣᠬᠣ᠂ 3 ᠲᠡᠭᠡᠭᠡᠳ ᠶᠦᠳᠠ ᠶᠢᠨ ᠬᠠᠭᠠᠨ ᠽᠧᠳᠧᠺᠢᠶ᠎ᠠ ᠲᠠᠢ ᠠᠭᠤᠯᠵᠠᠬᠤ ᠪᠠᠷ ᠶᠧᠷᠦ᠋ᠰᠠᠯᠧᠮ ᠤᠷᠤᠭᠤ ᠢᠷᠡᠭᠰᠡᠨ ᠡᠯᠴᠢᠳ ᠢᠶᠠᠷ ᠡᠳᠣᠮ ᠤᠨ ᠬᠠᠭᠠᠨ᠂ ᠮᠣᠶᠠᠪ ᠤᠨ ᠬᠠᠭᠠᠨ᠂ ᠠᠮᠣᠨ ᠤ ᠬᠠᠭᠠᠨ᠂ ᠲᠢᠷ ᠤᠨ ᠬᠠᠭᠠᠨ ᠪᠣᠯᠣᠨ ᠰᠢᠢᠳᠣᠨ ᠤ ᠬᠠᠭᠠᠨ ᠳᠤ ᠦᠭᠡ ᠶᠠᠪᠤᠭᠤᠯ᠃ 4 ᠲᠡᠳᠡᠭᠡᠷ ᠡᠯᠴᠢ ᠳᠤ ᠲᠤᠰᠢᠶᠠᠨ᠄ 〈ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ〉 ᠭᠡᠳ ᠡᠵᠡᠳ ᠲᠤᠨᠢ ᠳᠠᠷᠠᠭᠠᠬᠢ ᠦᠭᠡ ᠶᠢ ᠳᠠᠮᠵᠢᠭᠤᠯ᠄ 5 〈ᠪᠢ ᠠᠭᠤᠤ ᠬᠦᠴᠦᠲᠦ᠂ ᠰᠤᠩ᠋ᠭᠠᠭᠰᠠᠨ ᠮᠤᠲᠤᠷ ᠢᠶᠠᠷ ᠢᠶᠠᠨ ᠭᠠᠵᠠᠷ ᠳᠡᠯᠡᠬᠡᠢ ᠪᠠ ᠲᠡᠭᠦᠨ ᠦ ᠭᠠᠳᠠᠷᠭᠤ ᠳᠡᠭᠡᠷᠡᠬᠢ ᠬᠥᠮᠦᠨ ᠬᠢᠭᠡᠳ ᠠᠮᠢᠲᠠᠳ ᠢ ᠪᠦᠲᠦᠭᠡᠭᠰᠡᠨ ᠪᠢᠯᠡ᠃ ᠪᠢ ᠡᠨᠡ ᠭᠠᠵᠠᠷ ᠢ ᠲᠠᠭᠠᠯᠠᠳᠠᠭ ᠬᠥᠮᠦᠨ ᠳᠡᠭᠡᠨ ᠥᠭᠳᠡᠭ᠃ 6 ᠣᠳᠣ ᠪᠢ ᠡᠨᠡ ᠪᠦᠬᠦ ᠭᠠᠵᠠᠷ ᠢ ᠥᠪᠡᠷ ᠦᠨ ᠢᠶᠠᠨ ᠵᠠᠷᠤᠴᠠ᠂ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠭᠠᠷ ᠲᠤ ᠲᠤᠰᠢᠶᠠᠨ᠎ᠠ᠃ ᠪᠢ ᠮᠥᠨ ᠬᠡᠭᠡᠷ᠎ᠡ ᠲᠠᠯ᠎ᠠ ᠶᠢᠨ ᠵᠡᠷᠯᠢᠭ ᠠᠮᠢᠲᠠᠳ ᠢ ᠲᠡᠭᠦᠨ ᠳᠦ ᠦᠢᠯᠡᠴᠢᠯᠡᠭᠦᠯᠦᠨ᠎ᠡ᠃ 7 ᠲᠡᠢᠮᠦ ᠡᠴᠡ ᠪᠦᠬᠦ ᠦᠨᠳᠦᠰᠦᠲᠡᠨ ᠲᠡᠭᠦᠨ ᠦ ᠲᠥᠷᠥ ᠭᠦᠷᠦᠨ ᠦ ᠴᠠᠭ ᠭᠦᠢᠴᠡᠲᠡᠯ᠎ᠡ ᠲᠡᠭᠦᠨ ᠳᠦ᠂ ᠲᠡᠭᠦᠨ ᠦ ᠬᠥᠪᠡᠭᠦᠨ ᠪᠣᠯᠣᠨ ᠲᠡᠭᠦᠨ ᠦ ᠠᠴᠢ ᠳᠤ ᠦᠢᠯᠡᠴᠢᠯᠡᠬᠦ ᠪᠣᠯᠣᠨ᠎ᠠ᠃ ᠳᠠᠷᠠᠭ᠎ᠠ ᠨᠢ ᠣᠯᠠᠨ ᠦᠨᠳᠦᠰᠦᠲᠡᠨ ᠪᠣᠯᠣᠨ ᠬᠦᠴᠦᠲᠦ ᠬᠠᠭᠠᠳ ᠲᠡᠭᠦᠨ ᠢ ᠪᠣᠭᠣᠯᠴᠢᠯᠠᠨᠠ᠃
8 ᠶᠣᠬᠣᠸᠠ ᠠᠢᠯᠠᠳᠴᠤ ᠪᠠᠢᠨ᠎ᠠ᠄ ᠪᠠᠪᠢᠯᠣᠨ ᠤ ᠬᠠᠭᠠᠨ ᠨᠧᠪᠦ᠋ᠺᠠᠨᠧᠽᠠᠷ ᠲᠤ ᠦᠢᠯᠡᠴᠢᠯᠡᠬᠦ ᠦᠭᠡᠢ᠂ ᠮᠥᠨ ᠪᠠᠪᠢᠯᠣᠨ ᠤ ᠬᠠᠭᠠᠨ ᠤ ᠪᠣᠭᠤᠯᠠᠭᠠᠨ ᠳᠣᠣᠷ᠎ᠠ ᠬᠦᠵᠦᠭᠦᠦ ᠪᠡᠨ ᠣᠷᠣᠭᠤᠯᠬᠤ ᠦᠭᠡᠢ ᠤᠯᠤᠰ ᠦᠨᠳᠦᠰᠦᠲᠡᠨ ᠪᠠᠢᠪᠠᠯ᠂ ᠪᠢ ᠲᠡᠷᠡ ᠦᠨᠳᠦᠰᠦᠲᠡᠨ ᠢ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠰᠢᠳᠬᠡᠵᠦ᠂ ᠲᠡᠭᠦᠨ ᠦ ᠭᠠᠷ ᠢᠶᠠᠷ ᠤᠰᠠᠳᠬᠠᠨ᠎ᠠ᠂ 9 ᠬᠠᠷᠢᠨ ᠲᠠ ᠨᠠᠷ ᠢ ᠪᠠᠪᠢᠯᠣᠨ ᠤ ᠬᠠᠭᠠᠨ ᠳᠤ ᠦᠢᠯᠡᠴᠢᠯᠡᠬᠦ ᠦᠭᠡᠢ ᠭᠡᠵᠦ ᠬᠡᠯᠡᠳᠡᠭ ᠥᠪᠡᠷᠰᠡᠳ ᠦᠨ ᠡᠰᠢ ᠦᠵᠡᠭᠦᠯᠦᠭᠴᠢᠳ᠂ ᠲᠥᠯᠭᠡᠴᠢᠳ᠂ ᠵᠡᠭᠦᠳᠦ ᠲᠠᠢᠯᠤᠭᠴᠢᠳ᠂ ᠷᠢᠳᠢ ᠰᠢᠳᠢᠲᠡᠳ᠂ ᠡᠰᠡᠪᠡᠯ ᠶᠢᠯᠸᠢᠴᠢᠳ ᠤᠨ ᠬᠢ ᠶᠢ ᠪᠦᠦ ᠰᠣᠨᠣᠰ᠃ 10 ᠡᠢᠨ ᠬᠦ ᠲᠡᠳᠡ ᠲᠠ ᠨᠠᠷ ᠲᠤ ᠬᠤᠳᠠᠯ ᠢᠶᠠᠷ ᠡᠰᠢ ᠦᠵᠡᠭᠦᠯᠦᠭᠰᠡᠨ ᠦ ᠤᠯᠠᠮ ᠢᠶᠠᠷ ᠬᠣᠵᠢᠮ ᠲᠠ ᠨᠠᠷ ᠨᠤᠲᠤᠭ ᠠᠴᠠ ᠪᠠᠨ ᠬᠣᠯᠠᠳᠠᠬᠤ ᠪᠥᠭᠡᠳ ᠪᠢ ᠲᠠ ᠨᠠᠷ ᠢ ᠴᠥᠯᠡᠬᠦ ᠲᠤᠯᠠ ᠲᠠ ᠨᠠᠷ ᠮᠥᠬᠥᠨ᠎ᠡ᠃ 11 ᠬᠠᠷᠢᠨ ᠬᠦᠵᠦᠭᠦᠦ ᠪᠡᠨ ᠪᠠᠪᠢᠯᠣᠨ ᠤ ᠬᠠᠭᠠᠨ ᠤ ᠪᠣᠭᠤᠯᠠᠭᠠᠨ ᠳᠤ ᠣᠷᠣᠭᠤᠯᠵᠤ᠂ ᠲᠡᠭᠦᠨ ᠳᠦ ᠦᠢᠯᠡᠴᠢᠯᠡᠬᠦ ᠦᠨᠳᠦᠰᠦᠲᠡᠨ ᠨᠦᠭᠦᠳ ᠢ ᠪᠢ ᠭᠠᠵᠠᠷ ᠨᠤᠲᠤᠭ ᠲᠤᠨᠢ ᠦᠯᠡᠳᠡᠭᠡᠬᠦ ᠪᠥᠭᠡᠳ ᠲᠡᠳᠡ ᠭᠠᠵᠠᠷ ᠬᠠᠭᠠᠯᠵᠤ᠂ ᠲᠡᠨᠳᠡ ᠠᠮᠢᠳᠤᠷᠠᠬᠤ ᠪᠣᠯᠣᠨ᠎ᠠ᠃ ᠶᠣᠬᠣᠸᠠ ᠠᠢᠯᠠᠳᠴᠤ ᠪᠠᠢᠨ᠎ᠠ〉》 ᠭᠡᠪᠡ᠃
12 ᠪᠢ ᠡᠳᠡᠭᠡᠷ ᠪᠦᠬᠦ ᠦᠭᠡ ᠶᠢᠨ ᠳᠠᠭᠠᠤ ᠶᠦᠳᠠ ᠶᠢᠨ ᠬᠠᠭᠠᠨ ᠽᠧᠳᠧᠺᠢᠶ᠎ᠠ ᠳᠤ ᠶᠠᠷᠢᠪᠠ᠃ ᠪᠢ᠄ 《ᠲᠠ ᠨᠠᠷ ᠬᠦᠵᠦᠭᠦᠦ ᠪᠡᠨ ᠪᠠᠪᠢᠯᠣᠨ ᠤ ᠬᠠᠭᠠᠨ ᠤ ᠪᠣᠭᠤᠯᠠᠭᠠᠨ ᠳᠤ ᠣᠷᠣᠭᠤᠯᠵᠤ᠂ ᠲᠡᠭᠦᠨ ᠳᠦ ᠪᠣᠯᠣᠨ ᠲᠡᠭᠦᠨ ᠦ ᠠᠷᠠᠳ ᠲᠦᠮᠡᠨ ᠳᠦ ᠦᠢᠯᠡᠴᠢᠯᠡ᠂ ᠲᠡᠭᠡᠪᠡᠯ ᠠᠮᠢᠳᠤ ᠦᠯᠡᠳᠡᠨ᠎ᠡ᠃ 13 ᠪᠠᠪᠢᠯᠣᠨ ᠤ ᠬᠠᠭᠠᠨ ᠳᠤ ᠦᠢᠯᠡᠴᠢᠯᠡᠬᠦ ᠦᠭᠡᠢ ᠦᠨᠳᠦᠰᠦᠲᠡᠨ ᠦ ᠲᠤᠬᠠᠢ ᠶᠣᠬᠣᠸᠠ ᠬᠡᠳᠦᠢᠨᠡᠢ ᠠᠩ᠋ᠬᠠᠷᠤᠭᠤᠯᠤᠭᠰᠠᠨ᠂ ᠶᠠᠭᠤᠨ ᠳᠤ ᠲᠠ ᠪᠣᠯᠣᠨ ᠲᠠᠨ ᠤ ᠠᠷᠠᠳ ᠲᠦᠮᠡᠨ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠦᠬᠦᠬᠦ ᠭᠡᠳ ᠪᠠᠢᠨ᠎ᠠ ᠪᠤᠢ︖ 14 〈ᠲᠠ ᠨᠠᠷ ᠪᠠᠪᠢᠯᠣᠨ ᠤ ᠬᠠᠭᠠᠨ ᠳᠤ ᠦᠢᠯᠡᠴᠢᠯᠡᠬᠦ ᠦᠭᠡᠢ〉 ᠬᠡᠮᠡᠳᠡᠭ ᠡᠰᠢ ᠦᠵᠡᠭᠦᠯᠦᠭᠴᠢᠳ ᠤᠨ ᠦᠭᠡᠰ ᠢ ᠪᠦᠦ ᠰᠣᠨᠣᠰ᠃ ᠲᠡᠳᠡ ᠬᠤᠳᠠᠯ ᠢᠶᠠᠷ ᠡᠰᠢ ᠦᠵᠡᠭᠦᠯᠵᠦ ᠪᠠᠢᠨ᠎ᠠ︕ 15 ᠲᠡᠢᠮᠦ ᠡᠴᠡ ᠶᠣᠬᠣᠸᠠ ᠠᠢᠯᠠᠳᠤᠨ᠄ 〈ᠪᠢ ᠲᠡᠳᠡᠨ ᠢ ᠶᠠᠪᠤᠭᠤᠯᠤᠭ᠎ᠠ ᠦᠭᠡᠢ ᠠᠲᠠᠯ᠎ᠠ ᠲᠡᠳᠡ ᠮᠢᠨᠦ ᠨᠡᠷ᠎ᠡ ᠪᠡᠷ ᠬᠤᠳᠠᠯ ᠢᠶᠠᠷ ᠡᠰᠢ ᠦᠵᠡᠭᠦᠯᠵᠦ ᠪᠠᠢᠨ᠎ᠠ᠃ ᠡᠢᠮᠦ ᠡᠴᠡ ᠪᠢ ᠲᠠ ᠨᠠᠷ ᠢ ᠴᠥᠯᠡᠬᠦ ᠪᠥᠭᠡᠳ ᠲᠠ ᠨᠠᠷ ᠥᠪᠡᠷᠰᠡᠳ ᠲᠦ ᠴᠢᠨᠢ ᠡᠰᠢ ᠦᠵᠡᠭᠦᠯᠳᠡᠭ ᠡᠰᠢ ᠦᠵᠡᠭᠦᠯᠦᠭᠴᠢᠳ ᠲᠠᠢ ᠪᠠᠨ ᠬᠠᠮᠲᠤ ᠮᠥᠬᠥᠬᠦ ᠪᠣᠯᠣᠨ᠎ᠠ〉 ᠭᠡᠰᠡᠨ ᠶᠤᠮ》 ᠭᠡᠪᠡ᠃
16 ᠲᠡᠭᠡᠭᠡᠳ ᠪᠢ ᠲᠠᠬᠢᠯᠴᠢᠳ ᠪᠣᠯᠣᠨ ᠪᠦᠬᠦ ᠠᠷᠠᠳ ᠲᠦᠮᠡᠨ ᠳᠦ᠄ 《ᠶᠣᠬᠣᠸᠠ ᠡᠢᠨ ᠬᠦ ᠠᠢᠯᠠᠳᠴᠤ ᠪᠠᠢᠨ᠎ᠠ᠃ 〈ᠶᠣᠬᠣᠸᠠ ᠶᠢᠨ ᠥᠷᠭᠥᠭᠡᠨ ᠦ ᠰᠠᠪᠠ ᠰᠠᠭᠤᠯᠠᠭ᠎ᠠ ᠨᠤᠭᠤᠳ ᠤᠳᠠᠬᠤ ᠦᠭᠡᠢ ᠪᠠᠪᠢᠯᠣᠨ ᠠᠴᠠ ᠪᠤᠴᠠᠵᠤ ᠢᠷᠡᠨ᠎ᠡ ᠬᠡᠮᠡᠨ ᠡᠰᠢ ᠦᠵᠡᠭᠦᠯᠵᠦ ᠪᠠᠢᠭ᠎ᠠ ᠡᠰᠢ ᠦᠵᠡᠭᠦᠯᠦᠭᠴᠢᠳ ᠤᠨ ᠦᠭᠡᠰ ᠢ ᠪᠦᠦ ᠰᠣᠨᠣᠰ᠃ ᠲᠡᠳᠡ ᠲᠠ ᠨᠠᠷ ᠲᠤ ᠬᠤᠳᠠᠯ ᠢᠶᠠᠷ ᠡᠰᠢ ᠦᠵᠡᠭᠦᠯᠵᠦ ᠪᠠᠢᠨ᠎ᠠ︕ 17 ᠲᠡᠳᠡᠨ ᠦ ᠬᠢ ᠶᠢ ᠰᠣᠨᠣᠰᠣᠯ ᠦᠭᠡᠢ᠂ ᠪᠠᠪᠢᠯᠣᠨ ᠤ ᠬᠠᠭᠠᠨ ᠳᠤ ᠦᠢᠯᠡᠴᠢᠯᠡ︕ ᠲᠡᠭᠡᠪᠡᠯ ᠠᠮᠢᠳᠤ ᠦᠯᠡᠳᠡᠨ᠎ᠡ᠃ ᠶᠠᠭᠤᠨ ᠳᠤ ᠡᠨᠡ ᠬᠣᠲᠠ ᠨᠢ ᠪᠠᠯᠭᠠᠰᠤ ᠪᠣᠯᠬᠤ ᠶᠣᠰᠣᠲᠠᠢ ᠶᠤᠮ ᠪᠤᠢ︖ 18 ᠬᠡᠷᠪᠡ ᠲᠡᠳᠡ ᠡᠰᠢ ᠦᠵᠡᠭᠦᠯᠦᠭᠴᠢᠳ ᠮᠥᠨ ᠪᠥᠭᠡᠳ ᠶᠣᠬᠣᠸᠠ ᠶᠢᠨ ᠦᠭᠡ ᠲᠡᠳᠡᠨ ᠳᠦ ᠪᠠᠢᠭ᠎ᠠ ᠪᠣᠯ᠂ ᠶᠣᠬᠣᠸᠠ ᠶᠢᠨ ᠥᠷᠭᠥᠭᠡ᠂ ᠶᠦᠳᠠ ᠶᠢᠨ ᠬᠠᠭᠠᠨ ᠤ ᠣᠷᠳᠣᠨ ᠬᠢᠭᠡᠳ ᠶᠧᠷᠦ᠋ᠰᠠᠯᠧᠮ ᠳᠤ ᠦᠯᠡᠳᠡᠭᠰᠡᠨ ᠰᠠᠪᠠ ᠰᠠᠭᠤᠯᠠᠭ᠎ᠠ ᠨᠤᠭᠤᠳ ᠢ ᠪᠠᠪᠢᠯᠣᠨ ᠤᠷᠤᠭᠤ ᠠᠪᠠᠴᠢᠭᠤᠯᠬᠤ ᠦᠭᠡᠢ ᠶᠢᠨ ᠲᠥᠯᠥᠭᠡ ᠠᠤᠭ᠎ᠠ ᠬᠦᠴᠦᠲᠦ ᠶᠣᠬᠣᠸᠠ ᠠᠴᠠ ᠣᠳᠣ ᠭᠤᠶᠤᠭ᠃〉 19 ᠠᠤᠭ᠎ᠠ ᠬᠦᠴᠦᠲᠦ ᠶᠣᠬᠣᠸᠠ ᠪᠠᠭᠠᠨ᠎ᠠ ᠨᠤᠭᠤᠳ᠂ ᠲᠠᠩᠭᠢᠰ᠂ ᠤᠰᠤᠨ ᠲᠡᠷᠭᠡ ᠨᠦᠭᠦᠳ ᠪᠣᠯᠣᠨ ᠡᠨᠡ ᠬᠣᠲᠠ ᠳᠤ ᠦᠯᠡᠳᠡᠭᠰᠡᠨ ᠪᠤᠰᠤᠳ ᠰᠠᠪᠠ ᠰᠠᠭᠤᠯᠠᠭ᠎ᠠ ᠨᠤᠭᠤᠳ ᠤᠨ ᠲᠠᠯ᠎ᠠ ᠪᠠᠷ ᠡᠢᠨ ᠬᠦ ᠠᠢᠯᠠᠳᠪᠠ᠄ 20 ᠪᠠᠪᠢᠯᠣᠨ ᠤ ᠬᠠᠭᠠᠨ ᠨᠧᠪᠦ᠋ᠺᠠᠨᠧᠽᠠᠷ ᠶᠦᠳᠠ ᠶᠢᠨ ᠬᠠᠭᠠᠨ᠂ ᠶᠧᠬᠣᠢᠶᠠᠺᠢᠮ ᠤᠨ ᠬᠦᠦ ᠶᠧᠺᠣᠨᠢᠶᠠ ᠶᠢ ᠶᠦᠳᠠ᠂ ᠶᠧᠷᠦ᠋ᠰᠠᠯᠧᠮ ᠤᠨ ᠪᠦᠬᠦ ᠨᠣᠶᠠᠳ ᠲᠠᠢ ᠬᠠᠮᠲᠤ ᠶᠧᠷᠦ᠋ᠰᠠᠯᠧᠮ ᠡᠴᠡ ᠪᠠᠪᠢᠯᠣᠨ ᠤᠷᠤᠭᠤ ᠴᠥᠯᠡᠬᠦ ᠳᠡᠭᠡᠨ ᠡᠳᠡᠭᠡᠷ ᠢ ᠠᠪᠠᠴᠢᠭᠰᠠᠨ ᠦᠭᠡᠢ ᠪᠢᠯᠡ᠃ 21 ᠶᠣᠬᠣᠸᠠ ᠶᠢᠨ ᠥᠷᠭᠥᠭᠡ᠂ ᠶᠦᠳᠠ ᠶᠢᠨ ᠬᠠᠭᠠᠨ ᠤ ᠣᠷᠳᠣᠨ ᠬᠢᠭᠡᠳ ᠶᠧᠷᠦ᠋ᠰᠠᠯᠧᠮ ᠳᠤ ᠦᠯᠡᠳᠡᠭᠰᠡᠨ ᠰᠠᠪᠠ ᠰᠠᠭᠤᠯᠠᠭ᠎ᠠ ᠨᠤᠭᠤᠳ ᠤᠨ ᠲᠠᠯ᠎ᠠ ᠪᠠᠷ ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 22 〈ᠲᠡᠳᠡᠭᠡᠷ ᠨᠢ ᠪᠠᠪᠢᠯᠣᠨ ᠳᠤ ᠠᠪᠠᠴᠢᠭᠳᠠᠬᠤ ᠪᠣᠯᠣᠨ᠎ᠠ᠃ ᠪᠢ ᠲᠡᠳᠡᠨ ᠳᠦ ᠣᠴᠢᠵᠤ᠂ ᠲᠡᠳᠡᠨ ᠢ ᠡᠨᠡ ᠭᠠᠵᠠᠷ ᠲᠤ ᠪᠤᠴᠠᠭᠠᠨ ᠠᠪᠴᠢᠷᠠᠲᠠᠯᠠ ᠲᠡᠳᠡᠭᠡᠷ ᠨᠢ ᠲᠡᠨᠳᠡ ᠦᠯᠡᠳᠡᠬᠦ ᠪᠣᠯᠣᠨ᠎ᠠ᠂〉 ᠶᠣᠬᠣᠸᠠ ᠠᠢᠯᠠᠳᠴᠤ ᠪᠠᠢᠨ᠎ᠠ》 ᠭᠡᠵᠦ ᠬᠡᠯᠡᠪᠡ᠃