ᠶᠧᠷᠧᠮᠢᠶ᠎ᠠ ᠭᠤᠴᠢᠨ ᠲᠠᠪᠤ
ᠷᠧᠺᠠᠪᠴᠤᠳ
1 ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠶᠧᠬᠣᠢᠶᠠᠺᠢᠮ ᠤᠨ ᠦᠶ᠎ᠡ ᠳᠦ᠂ ᠶᠣᠬᠣᠸᠠ ᠠᠴᠠ ᠶᠧᠷᠧᠮᠢᠶ᠎ᠠ ᠳᠤ ᠦᠭᠡ ᠢᠷᠡᠪᠡ᠄ 2 《ᠴᠢ ᠷᠧᠺᠠᠪ ᠤᠨ ᠭᠡᠷ ᠲᠦ ᠣᠴᠢᠭᠠᠳ᠂ ᠲᠡᠳᠡᠨ ᠲᠡᠢ ᠶᠠᠷᠢᠵᠤ᠂ ᠲᠡᠳᠡᠨ ᠢ ᠶᠣᠬᠣᠸᠠ ᠶᠢᠨ ᠥᠷᠭᠥᠭᠡᠨ ᠦ ᠬᠠᠵᠠᠭᠤ ᠳᠠᠬᠢ ᠨᠢᠭᠡ ᠥᠷᠥᠭᠡᠨ ᠳᠦ ᠠᠪᠴᠢᠷᠠᠭᠠᠳ᠂ ᠳᠠᠷᠠᠰᠤ ᠤᠤᠭᠤᠯᠭ᠎ᠠ》 ᠭᠡᠰᠡᠨ ᠳᠦ᠂ 3 ᠪᠢ ᠬᠠᠪᠠᠽᠢᠨᠢᠶᠠ ᠶᠢᠨ ᠠᠴᠢ᠂ ᠶᠧᠷᠧᠮᠢᠶ᠎ᠠ ᠶᠢᠨ ᠬᠦᠦ ᠶᠠᠽᠠᠨᠢᠶᠠ ᠶᠢ ᠲᠡᠭᠦᠨ ᠦ ᠠᠬ᠎ᠠ ᠳᠡᠭᠦᠦᠰ ᠪᠠ ᠪᠦᠬᠦ ᠬᠥᠪᠡᠭᠦᠳ ᠵᠡᠷᠭᠡ ᠷᠧᠺᠠᠪ ᠤᠨ ᠪᠦᠬᠦ ᠭᠡᠷ ᠦᠨ ᠬᠢᠨ ᠤ ᠬᠠᠮᠲᠤ ᠣᠯᠵᠤ᠂ 4 ᠲᠡᠳᠡᠨ ᠢ ᠶᠣᠬᠣᠸᠠ ᠶᠢᠨ ᠥᠷᠭᠥᠭᠡᠨ ᠳᠦ ᠠᠪᠠᠴᠢᠵᠤ᠂ ᠪᠤᠷᠬᠠᠨ ᠤ ᠬᠥᠮᠦᠨ᠂ ᠢᠭ᠍ᠳᠠᠯᠢᠶᠠ ᠶᠢᠨ ᠬᠦᠦ ᠬᠠᠨᠠᠨ ᠤ ᠬᠥᠪᠡᠭᠦᠳ ᠦᠨ ᠥᠷᠥᠭᠡᠨ ᠳᠦ ᠣᠷᠣᠭᠤᠯᠪᠠ᠃ ᠲᠡᠷᠡ ᠥᠷᠥᠭᠡ ᠨᠢ ᠲᠦᠰᠢᠮᠡᠳ ᠦᠨ ᠥᠷᠥᠭᠡᠨ ᠦ ᠳᠡᠷᠭᠡᠳᠡ᠂ ᠬᠠᠭᠠᠯᠭᠠᠴᠢᠨ ᠱᠠᠯᠦ᠋ᠮ ᠤᠨ ᠬᠦᠦ ᠮᠠᠶᠠᠰᠧᠶ᠎ᠠ ᠶᠢᠨ ᠥᠷᠥᠭᠡᠨ ᠦ ᠳᠡᠭᠡᠷ᠎ᠡ ᠲᠠᠯ᠎ᠠ ᠳᠤ ᠪᠠᠢᠷᠢᠯᠠᠵᠤ ᠪᠠᠢᠭᠰᠠᠨ᠃ 5 ᠪᠢ ᠷᠧᠺᠠᠪ ᠤᠨ ᠭᠡᠷ ᠦᠨ ᠬᠢᠨ ᠤ ᠡᠮᠦᠨ᠎ᠡ ᠳᠠᠷᠠᠰᠤ ᠪᠠᠷ ᠳᠦᠭᠦᠷᠡᠩ ᠳᠣᠩᠪᠣ ᠨᠤᠭᠤᠳ ᠪᠣᠯᠣᠨ ᠠᠶᠠᠭ᠎ᠠ ᠨᠤᠭᠤᠳ ᠢ ᠲᠠᠯᠪᠢᠭᠠᠳ᠄ 《ᠳᠠᠷᠠᠰᠤ ᠤᠤᠭᠤ︕》 ᠭᠡᠬᠦ ᠳᠦ᠂ 6 ᠲᠡᠳᠡ᠄ 《ᠪᠢᠳᠡ ᠳᠠᠷᠠᠰᠤ ᠤᠤᠭᠤᠬᠤ ᠦᠭᠡᠢ᠃ ᠪᠢᠳᠡᠨ ᠦ ᠡᠴᠢᠭᠡ ᠡᠪᠦᠭᠡ᠂ ᠷᠧᠺᠠᠪ ᠤᠨ ᠬᠦᠦ ᠶᠣᠨᠠᠳᠠᠪ ᠪᠢᠳᠡᠨ ᠳᠦ ᠲᠤᠰᠢᠶᠠᠵᠤ᠄ 〈ᠲᠠ ᠨᠠᠷ ᠴᠤ᠂ ᠲᠠ ᠨᠠᠷ ᠤᠨ ᠦᠷ᠎ᠡ ᠤᠳᠤᠮ ᠴᠤ ᠡᠭᠦᠷᠢᠳᠡ ᠳᠠᠷᠠᠰᠤ ᠤᠤᠭᠤᠵᠤ ᠪᠣᠯᠬᠤ ᠦᠭᠡᠢ᠃ 7 ᠭᠡᠷ ᠪᠠᠷᠢᠵᠤ᠂ ᠦᠷ᠎ᠡ ᠲᠠᠷᠢᠵᠤ᠂ ᠦᠵᠦᠮ ᠦᠨ ᠬᠦᠷᠢᠶᠡᠯᠡᠩ ᠪᠠᠢᠭᠤᠯᠵᠤ᠂ ᠡᠵᠡᠮᠰᠢᠵᠦ ᠪᠣᠯᠬᠤ ᠦᠭᠡᠢ᠃ ᠬᠠᠷᠢᠨ ᠨᠠᠰᠤᠨ ᠲᠤᠷᠰᠢ ᠳᠠᠭᠠᠨ ᠮᠠᠢᠬᠠᠨ ᠳᠤ ᠰᠠᠭᠤ᠂ ᠲᠡᠭᠡᠪᠡᠯ ᠲᠠ ᠨᠠᠷ ᠨᠡᠭᠦᠳᠡᠯᠯᠡᠨ ᠠᠮᠢᠳᠤᠷᠠᠳᠠᠭ ᠭᠠᠵᠠᠷ ᠳᠡᠭᠡᠷ᠎ᠡ ᠪᠡᠨ ᠤᠷᠲᠤ ᠨᠠᠰᠤᠯᠠᠨ᠎ᠠ〉 ᠭᠡᠰᠡᠨ ᠪᠢᠯᠡ᠃ 8 ᠪᠢᠳᠡ ᠡᠪᠦᠭᠡ ᠡᠴᠢᠭᠡ ᠷᠧᠺᠠᠪ ᠤᠨ ᠢᠶᠠᠨ ᠬᠦᠦ ᠶᠣᠨᠠᠳᠠᠪ ᠤᠨ ᠪᠢᠳᠡᠨ ᠳᠦ ᠲᠤᠰᠢᠶᠠᠭᠰᠠᠨ ᠪᠦᠭᠦᠳᠡ ᠶᠢ ᠳᠠᠭᠠᠵᠤ ᠢᠷᠡᠪᠡ᠃ ᠪᠢᠳᠡ᠂ ᠪᠢᠳᠡᠨ ᠦ ᠡᠬᠡᠨᠡᠷ ᠤᠳ᠂ ᠪᠢᠳᠡᠨ ᠦ ᠬᠥᠪᠡᠭᠦᠳ ᠥᠬᠢᠳ ᠨᠠᠰᠤᠨ ᠲᠤᠷᠰᠢ ᠳᠠᠭᠠᠨ ᠳᠠᠷᠠᠰᠤ ᠤᠤᠭᠤᠵᠤ ᠪᠠᠢᠭ᠎ᠠ ᠦᠭᠡᠢ᠃ 9 ᠪᠢᠳᠡ ᠰᠠᠭᠤᠬᠤ ᠭᠡᠷ ᠪᠠᠷᠢᠳᠠᠭ ᠦᠭᠡᠢ ᠪᠥᠭᠡᠳ ᠪᠢᠳᠡᠨ ᠳᠦ ᠦᠵᠦᠮ ᠦᠨ ᠲᠠᠯᠠᠪᠠᠢ ᠴᠤ᠂ ᠦᠷ᠎ᠡ ᠲᠠᠷᠢᠬᠤ ᠲᠠᠷᠢᠶᠠᠨ ᠲᠠᠯᠠᠪᠠᠢ ᠴᠤ ᠪᠠᠢᠬᠤ ᠦᠭᠡᠢ᠂ 10 ᠮᠠᠢᠬᠠᠨ ᠳᠤ ᠯᠠ ᠰᠠᠭᠤᠨ ᠡᠪᠦᠭᠡ ᠡᠴᠢᠭᠡ ᠶᠣᠨᠠᠳᠠᠪ ᠤᠨ ᠢᠶᠠᠨ ᠲᠤᠰᠢᠶᠠᠭᠰᠠᠨ ᠪᠦᠬᠦᠨ ᠢ ᠳᠠᠭᠠᠵᠤ ᠪᠡᠶᠡᠯᠡᠭᠦᠯᠦᠭᠰᠡᠨ ᠪᠢᠯᠡ᠃ 11 ᠬᠠᠷᠢᠨ ᠪᠠᠪᠢᠯᠣᠨ ᠤ ᠬᠠᠭᠠᠨ ᠨᠧᠪᠦ᠋ᠺᠠᠨᠧᠽᠠᠷ ᠮᠠᠨ ᠤ ᠨᠤᠲᠤᠭ ᠲᠤ ᠬᠠᠯᠳᠠᠨ ᠢᠷᠡᠬᠦ ᠳᠦ᠂ ᠪᠢᠳᠡ᠄ 〈ᠵᠠ᠂ ᠪᠠᠪᠢᠯᠣᠨ ᠪᠣᠯᠣᠨ ᠠᠷᠠᠮ ᠤᠨ ᠴᠡᠷᠢᠭ ᠡᠴᠡ ᠳᠠᠢᠵᠢᠨ᠂ ᠶᠧᠷᠦ᠋ᠰᠠᠯᠧᠮ ᠤᠷᠤᠭᠤ ᠶᠠᠪᠤᠵᠠᠭᠠᠶ᠎ᠠ〉 ᠭᠡᠳ ᠶᠧᠷᠦ᠋ᠰᠠᠯᠧᠮ ᠳᠤ ᠢᠷᠡᠵᠦ ᠰᠠᠭᠤᠭᠰᠠᠨ ᠶᠤᠮ》 ᠭᠡᠵᠡᠢ᠃
12 ᠲᠡᠭᠡᠲᠡᠯ᠎ᠡ ᠶᠣᠬᠣᠸᠠ ᠶᠢᠨ ᠦᠭᠡ ᠶᠧᠷᠧᠮᠢᠶ᠎ᠠ ᠳᠤ ᠢᠷᠡᠵᠦ᠄ 13 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠂ ᠴᠢ ᠶᠦᠳᠠᠴᠤᠳ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠲᠤ ᠣᠴᠢᠵᠤ᠂ ᠲᠡᠳᠡᠨ ᠳᠦ᠄ 〈ᠲᠠ ᠨᠠᠷ ᠰᠤᠷᠭᠠᠮᠵᠢ ᠠᠪᠤᠭᠠᠳ ᠮᠢᠨᠦ ᠦᠭᠡ ᠶᠢ ᠳᠠᠭᠠᠬᠤ ᠦᠭᠡᠢ ᠤᠤ︖〉 ᠶᠣᠬᠣᠸᠠ ᠠᠢᠯᠠᠳᠴᠤ ᠪᠠᠢᠨ᠎ᠠ᠃ 14 ᠷᠧᠺᠠᠪ ᠤᠨ ᠬᠦᠦ ᠶᠣᠨᠠᠳᠠᠪ ᠤᠨ 〈ᠳᠠᠷᠠᠰᠤ ᠤᠤᠭᠤᠵᠤ ᠪᠣᠯᠬᠤ ᠦᠭᠡᠢ〉 ᠭᠡᠵᠦ ᠬᠥᠪᠡᠭᠦᠳ ᠲᠡᠭᠡᠨ ᠵᠠᠬᠢᠭᠰᠠᠨ ᠨᠢ ᠡᠢᠨ ᠬᠦ ᠪᠡᠶᠡᠯᠡᠭᠳᠡᠵᠦ ᠪᠠᠢᠨ᠎ᠠ᠃ ᠲᠡᠳᠡ ᠡᠴᠢᠭᠡ ᠡᠪᠦᠭᠡᠳ ᠦᠨ ᠢᠶᠠᠨ ᠲᠤᠰᠢᠶᠠᠯ ᠢ ᠳᠠᠭᠠᠵᠤ᠂ ᠥᠨᠥᠳᠥᠷ ᠬᠦᠷᠲᠡᠯ᠎ᠡ ᠳᠠᠷᠠᠰᠤ ᠤᠤᠭᠤᠳᠠᠭ ᠦᠭᠡᠢ᠃ ᠬᠠᠷᠢᠨ ᠪᠢ ᠲᠠ ᠨᠠᠷ ᠲᠤ ᠳᠠᠬᠢᠨ ᠳᠠᠬᠢᠨ ᠬᠡᠯᠡᠭᠰᠡᠨ ᠪᠣᠯᠪᠠᠴᠤ ᠲᠠ ᠨᠠᠷ ᠮᠢᠨᠦᠬᠢ ᠶᠢ ᠰᠣᠨᠣᠰᠣᠭ᠎ᠠ ᠦᠭᠡᠢ᠃ 15 ᠪᠢ ᠵᠠᠷᠤᠴᠠ ᠡᠰᠢ ᠦᠵᠡᠭᠦᠯᠦᠭᠴᠢᠳ ᠢᠶᠠᠨ ᠲᠠ ᠨᠠᠷ ᠲᠤ ᠳᠠᠬᠢᠨ ᠳᠠᠬᠢᠨ ᠢᠯᠡᠭᠡᠵᠦ᠄ 〈ᠲᠠ ᠨᠠᠷ ᠤᠨ ᠬᠥᠮᠦᠨ ᠪᠦᠷᠢ ᠥᠪᠡᠷᠰᠡᠳ ᠦᠨ ᠢᠶᠠᠨ ᠪᠤᠵᠠᠷ ᠮᠠᠭᠤ ᠵᠠᠮ ᠠᠴᠠ ᠡᠷᠭᠢᠵᠦ᠂ ᠦᠢᠯᠡᠰ ᠢᠶᠡᠨ ᠰᠢᠨᠡᠴᠢᠯᠡ᠂ ᠥᠭᠡᠷ᠎ᠡ ᠪᠤᠷᠬᠠᠳ ᠢ ᠪᠦᠦ ᠳᠠᠭ᠎ᠠ᠂ ᠲᠡᠳᠡᠨ ᠳᠦ ᠪᠦᠦ ᠦᠢᠯᠡᠴᠢᠯᠡ᠃ ᠲᠡᠭᠡᠪᠡᠯ ᠲᠠ ᠨᠠᠷ ᠥᠪᠡᠷᠰᠡᠳ ᠲᠦ ᠴᠢᠨᠢ ᠪᠣᠯᠣᠨ ᠡᠴᠢᠭᠡ ᠡᠪᠦᠭᠡᠳ ᠲᠦ ᠴᠢᠨᠢ ᠮᠢᠨᠦ ᠥᠭᠭᠥᠭᠰᠡᠨ ᠨᠤᠲᠤᠭ ᠲᠤ ᠰᠠᠭᠤᠵᠤ ᠯᠠ ᠪᠠᠢᠬᠤ ᠪᠣᠯᠣᠨ᠎ᠠ ᠭᠡᠰᠡᠨ ᠪᠣᠯᠪᠠᠴᠤ ᠲᠠ ᠨᠠᠷ ᠮᠢᠨᠦᠬᠢ ᠶᠢ ᠴᠢᠬᠢ ᠲᠠᠯᠪᠢᠨ ᠰᠣᠨᠣᠰᠣᠭ᠎ᠠ ᠦᠭᠡᠢ᠃ 16 ᠷᠧᠺᠠᠪ ᠤᠨ ᠬᠦᠦ ᠶᠣᠨᠠᠳᠠᠪ ᠤᠨ ᠦᠷ᠎ᠡ ᠤᠳᠤᠮ ᠥᠪᠡᠷᠰᠡᠳ ᠲᠤᠨᠢ ᠲᠤᠰᠢᠶᠠᠭᠰᠠᠨ ᠡᠴᠢᠭᠡ ᠡᠪᠦᠭᠡ ᠶᠢᠨ ᠢᠶᠠᠨ ᠲᠤᠰᠢᠶᠠᠯ ᠢ ᠪᠡᠶᠡᠯᠡᠭᠦᠯᠳᠡᠭ᠂ ᠬᠠᠷᠢᠨ ᠡᠨᠡ ᠠᠷᠠᠳ ᠲᠦᠮᠡᠨ ᠮᠢᠨᠦᠬᠢ ᠶᠢ ᠰᠣᠨᠣᠰᠳᠠᠭ ᠦᠭᠡᠢ ᠭᠡᠰᠡᠨ〉 ᠭᠡᠵᠦ ᠬᠡᠯᠡ᠃ 17 ᠲᠡᠢᠮᠦ ᠡᠴᠡ ᠶᠣᠬᠣᠸᠠ᠂ ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠶᠦᠳᠠ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠪᠦᠭᠦᠳᠡ ᠳᠦ ᠵᠠᠷᠯᠠᠭᠰᠠᠨ ᠪᠦᠬᠦ ᠭᠠᠮᠰᠢᠭ ᠢᠶᠠᠨ ᠪᠠᠭᠤᠯᠭᠠᠵᠤ ᠪᠠᠢᠨ᠎ᠠ᠃ ᠤᠴᠢᠷ ᠨᠢ ᠪᠢ ᠲᠡᠳᠡᠨ ᠳᠦ ᠶᠠᠷᠢᠭᠰᠠᠨ ᠴᠤ ᠲᠡᠳᠡ ᠰᠣᠨᠣᠰᠣᠭ᠎ᠠ ᠦᠭᠡᠢ᠂ ᠲᠡᠳᠡᠨ ᠢ ᠳᠠᠭᠤᠳᠠᠭᠰᠠᠨ ᠴᠤ ᠲᠡᠳᠡ ᠬᠠᠷᠢᠭᠤᠯᠤᠭ᠎ᠠ ᠦᠭᠡᠢ〉 ᠭᠡᠵᠦ ᠬᠡᠯᠡ》 ᠭᠡᠪᠡ᠃
18 ᠶᠧᠷᠧᠮᠢᠶ᠎ᠠ ᠷᠧᠺᠠᠪ ᠤᠨ ᠭᠡᠷ ᠦᠨ ᠬᠢᠨ ᠳᠤ ᠬᠠᠨᠳᠤᠨ᠄ 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ ᠲᠠ ᠨᠠᠷ ᠡᠴᠢᠭᠡ ᠡᠪᠦᠭᠡ ᠶᠣᠨᠠᠳᠠᠪ ᠤᠨ ᠢᠶᠠᠨ ᠲᠤᠰᠢᠶᠠᠯ ᠢ ᠳᠠᠭᠠᠵᠤ᠂ ᠲᠡᠭᠦᠨ ᠦ ᠪᠦᠬᠦ ᠵᠢᠭᠠᠪᠤᠷᠢ ᠶᠢ ᠰᠠᠬᠢᠵᠤ᠂ ᠲᠤᠰᠢᠶᠠᠭᠰᠠᠨ ᠪᠦᠬᠦᠨ ᠢ ᠨᠢ ᠪᠡᠶᠡᠯᠡᠭᠦᠯᠵᠡᠢ᠃ 19 ᠲᠡᠢᠮᠦ ᠤᠴᠢᠷ ᠠᠴᠠ ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠷᠧᠺᠠᠪ ᠤᠨ ᠬᠦᠦ ᠶᠣᠨᠠᠳᠠᠪ ᠤᠨ ᠬᠢᠨ ᠨᠠᠳᠠ ᠳᠤ ᠦᠢᠯᠡᠴᠢᠯᠡᠬᠦ ᠬᠥᠮᠦᠨ ᠢᠶᠡᠷ ᠬᠡᠵᠢᠶ᠎ᠡ ᠴᠤ ᠳᠤᠲᠠᠬᠤ ᠦᠭᠡᠢ〉》 ᠭᠡᠵᠦ ᠬᠡᠯᠡᠭᠰᠡᠨ ᠶᠤᠮ᠃