1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠳᠥᠴᠢᠨ ᠭᠤᠷᠪᠠ

1 ᠶᠧᠷᠧᠮᠢᠶ᠎ᠠ ᠪᠦᠬᠦ ᠠᠷᠠᠳ ᠣᠯᠠᠨ ᠳᠤ ᠲᠡᠳᠡᠨ ᠦ ᠪᠤᠷᠬᠠᠨ ᠶᠣᠬᠣᠸᠠ ᠶᠢᠨ ᠦᠭᠡ᠂ ᠲᠡᠳᠡᠨ ᠦ ᠪᠤᠷᠬᠠᠨ ᠶᠣᠬᠣᠸᠠ ᠶᠢᠨ ᠥᠪᠡᠷ ᠢ ᠨᠢ ᠢᠯᠡᠭᠡᠨ ᠲᠡᠳᠡᠨ ᠳᠦ ᠬᠡᠯᠡᠭᠦᠯᠦᠭᠰᠡᠨ ᠡᠨᠡ ᠪᠦᠬᠦ ᠦᠭᠡ ᠶᠢ ᠬᠡᠯᠡᠵᠦ ᠳᠠᠭᠤᠰᠬᠤ ᠳᠤ᠂ 2 ᠬᠣᠱᠠᠢᠶ᠎ᠠ ᠶᠢᠨ ᠬᠦᠦ ᠠᠽᠠᠷᠢᠶ᠎ᠠ᠂ ᠺᠠᠷᠧᠶ᠎ᠠ ᠶᠢᠨ ᠬᠦᠦ ᠶᠣᠬᠠᠨᠠᠨ ᠵᠡᠷᠭᠡ ᠰᠠᠭᠰᠠᠭᠤ ᠬᠥᠮᠦᠰ ᠪᠦᠭᠦᠳᠡᠭᠡᠷ ᠢᠶᠡᠨ ᠶᠧᠷᠧᠮᠢᠶ᠎ᠠ ᠳᠤ᠄ 《ᠲᠠ ᠬᠤᠳᠠᠯ ᠶᠠᠷᠢᠵᠤ ᠪᠠᠢᠨ᠎ᠠ︕ ᠪᠢᠳᠡᠨ ᠦ ᠪᠤᠷᠬᠠᠨ ᠶᠣᠬᠣᠸᠠ᠄ 〈ᠶᠧᠵᠢᠫᠲ ᠲᠤ ᠰᠠᠭᠤᠬᠤ ᠪᠠᠷ ᠶᠠᠪᠤᠵᠤ ᠪᠣᠯᠬᠤ ᠦᠭᠡᠢ〉 ᠭᠡᠵᠦ ᠬᠡᠯᠡᠭᠦᠯᠬᠦ ᠪᠡᠷ ᠲᠠᠨ ᠢ ᠢᠯᠡᠭᠡᠭᠰᠡᠨ ᠪᠢᠰᠢ᠂ 3 ᠬᠠᠷᠢᠨ ᠨᠧᠷᠢᠶ᠎ᠠ ᠶᠢᠨ ᠬᠦᠦ ᠪᠠᠷᠦ᠋ᠺ ᠪᠢᠳᠡᠨ ᠢ ᠪᠠᠪᠢᠯᠣᠨᠴᠤᠳ ᠤᠨ ᠭᠠᠷ ᠲᠤ ᠥᠭᠴᠦ᠂ ᠪᠢᠳᠡᠨ ᠢ ᠠᠯᠠᠭᠤᠯᠬᠤ ᠪᠠᠷ ᠪᠤᠶᠤ ᠪᠠᠪᠢᠯᠣᠨ ᠤᠷᠤᠭᠤ ᠴᠥᠯᠡᠭᠦᠯᠬᠦ ᠪᠡᠷ ᠲᠠᠨ ᠢ ᠥᠳᠥᠭᠡᠵᠦ ᠪᠠᠢᠨ᠎ᠠ》 ᠭᠡᠯᠴᠡᠪᠡ᠃ 4 ᠢᠩᠭᠢᠭᠡᠳ ᠺᠠᠷᠧᠶ᠎ᠠ ᠶᠢᠨ ᠬᠦᠦ ᠶᠣᠬᠠᠨᠠᠨ᠂ ᠴᠡᠷᠢᠭ ᠤᠨ ᠪᠦᠬᠦ ᠠᠬᠠᠮᠠᠳ ᠪᠣᠯᠣᠨ ᠪᠦᠬᠦ ᠠᠷᠠᠳ ᠣᠯᠠᠨ 〈ᠶᠦᠳᠠ ᠶᠢᠨ ᠨᠤᠲᠤᠭ ᠲᠤ ᠦᠯᠡᠳᠡ〉 ᠭᠡᠰᠡᠨ ᠶᠣᠬᠣᠸᠠ ᠶᠢᠨ ᠳᠠᠭᠤ ᠶᠢ ᠳᠠᠭᠠᠭ᠎ᠠ ᠦᠭᠡᠢ᠃ 5 ᠺᠠᠷᠧᠶ᠎ᠠ ᠶᠢᠨ ᠬᠦᠦ ᠶᠣᠬᠠᠨᠠᠨ ᠪᠣᠯᠣᠨ ᠴᠡᠷᠢᠭ ᠤᠨ ᠪᠦᠬᠦ ᠠᠬᠠᠮᠠᠳ ᠨᠢ ᠬᠥᠭᠡᠭᠡᠭᠳᠡᠨ ᠣᠴᠢᠭᠰᠠᠨ ᠪᠦᠬᠦ ᠭᠦᠷᠦᠨ ᠡᠴᠡ ᠶᠦᠳᠠ ᠶᠢᠨ ᠨᠤᠲᠤᠭ ᠲᠤ ᠰᠠᠭᠤᠬᠤ ᠪᠠᠷ ᠪᠤᠴᠠᠵᠤ ᠢᠷᠡᠭᠰᠡᠨ ᠶᠦᠳᠠ ᠶᠢᠨ ᠪᠦᠬᠦ ᠦᠯᠡᠳᠡᠭᠰᠡᠳ᠂ 6 ᠲᠤᠬᠠᠢᠯᠠᠪᠠᠯ ᠡᠷᠡᠭᠲᠡᠢᠴᠦᠳ ᠡᠮᠡᠭᠲᠡᠢᠴᠦᠳ᠂ ᠬᠡᠦᠬᠡᠳ ᠤᠳ᠂ ᠬᠠᠭᠠᠨ ᠤ ᠥᠬᠢᠳ ᠵᠡᠷᠭᠡ ᠱᠠᠹᠠᠨ ᠤ ᠠᠴᠢ᠂ ᠠᠾᠢᠺᠠᠮ ᠤᠨ ᠬᠦᠦ ᠭᠧᠳᠠᠯᠢᠶ᠎ᠠ ᠳᠤ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠤ ᠦᠯᠡᠳᠡᠭᠡᠭᠰᠡᠨ ᠪᠦᠭᠦᠳᠡ ᠶᠢ᠂ ᠡᠰᠢ ᠦᠵᠡᠭᠦᠯᠦᠭᠴᠢ ᠶᠧᠷᠧᠮᠢᠶ᠎ᠠ ᠪᠣᠯᠣᠨ ᠨᠧᠷᠢᠶ᠎ᠠ ᠶᠢᠨ ᠬᠦᠦ ᠪᠠᠷᠦ᠋ᠺ ᠢ ᠳᠠᠭᠠᠭᠤᠯᠤᠨ 7 ᠶᠣᠬᠣᠸᠠ ᠶᠢᠨ ᠳᠠᠭᠤ ᠶᠢ ᠳᠠᠭᠠᠯ ᠦᠭᠡᠢ ᠪᠠᠷ ᠶᠧᠵᠢᠫᠲ ᠲᠤ ᠣᠷᠣᠵᠤ ᠲᠠᠬᠫᠠᠨᠬᠧᠰ ᠬᠦᠷᠪᠡ᠃

8 ᠲᠠᠬᠫᠠᠨᠬᠧᠰ ᠲᠤ ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠄ 9 《ᠴᠢ ᠶᠦᠳᠠᠢᠴᠤᠳ ᠤᠨ ᠨᠢᠳᠦᠨ ᠳᠡᠭᠡᠷ᠎ᠡ ᠲᠣᠮᠣ ᠴᠢᠯᠠᠭᠤᠳ ᠢ ᠲᠠᠬᠫᠠᠨᠬᠧᠰ ᠳᠠᠬᠢ ᠹᠠᠷᠠᠣ᠋ ᠶᠢᠨ ᠣᠷᠳᠣᠨ ᠤ ᠡᠭᠦᠳᠡᠨ ᠳᠦ ᠠᠪᠴᠢᠷᠠᠵᠤ᠂ ᠲᠣᠭᠣᠰᠬᠠᠨ ᠵᠠᠮ ᠳᠡᠭᠡᠷ᠎ᠡ ᠵᠢᠭᠤᠷᠮᠠᠭ ᠰᠢᠪᠠᠷ ᠳᠣᠲᠣᠷ᠎ᠠ ᠰᠠᠭᠤᠯᠭᠠᠵᠤ᠂ 10 〈ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ〉 ᠭᠡᠳ᠂ 〈ᠬᠠᠷᠠ᠂ ᠪᠢ ᠥᠪᠡᠷ ᠦᠨ ᠢᠶᠠᠨ ᠵᠠᠷᠤᠴᠠ ᠪᠠᠪᠢᠯᠣᠨ ᠤ ᠬᠠᠭᠠᠨ ᠨᠧᠪᠦ᠋ᠺᠠᠨᠧᠽᠠᠷ ᠢ ᠳᠠᠭᠤᠳᠠᠨ ᠠᠪᠴᠢᠷᠠᠬᠤ ᠪᠥᠭᠡᠳ ᠲᠡᠷᠡ ᠪᠡᠷ ᠮᠢᠨᠦ ᠰᠠᠭᠤᠯᠭᠠᠭᠤᠯᠤᠭᠰᠠᠨ ᠡᠳᠡᠭᠡᠷ ᠴᠢᠯᠠᠭᠤᠨ ᠳᠡᠭᠡᠷ᠎ᠡ ᠰᠡᠨᠲᠢ ᠪᠠᠨ ᠲᠣᠭᠲᠠᠭᠠᠵᠤ᠂ ᠡᠳᠡᠭᠡᠷ ᠦᠨ ᠳᠡᠭᠡᠭᠦᠷ ᠬᠠᠭᠠᠨ ᠤ ᠴᠠᠴᠠᠷ ᠢᠶᠠᠨ ᠪᠣᠰᠬᠠᠨ᠎ᠠ᠃ 11 ᠲᠡᠷᠡ ᠪᠡᠷ ᠶᠧᠵᠢᠫᠲ ᠢ ᠬᠠᠯᠳᠠᠨ ᠳᠣᠪᠲᠣᠯᠵᠤ ᠦᠬᠦᠯ ᠦᠨ ᠬᠤᠪᠢ ᠲᠠᠢ ᠶᠢ ᠨᠢ ᠦᠬᠦᠯ ᠳᠦ ᠴᠥᠯᠡᠯᠭᠡ ᠶᠢᠨ ᠬᠤᠪᠢ ᠲᠠᠢ ᠶᠢ ᠨᠢ ᠴᠥᠯᠡᠯᠭᠡ ᠳᠦ ᠢᠯᠳᠦᠨ ᠦ ᠬᠤᠪᠢ ᠲᠠᠢ ᠶᠢ ᠨᠢ ᠢᠯᠳᠦᠨ ᠳᠦ ᠣᠷᠣᠭᠤᠯᠤᠨ᠎ᠠ᠃ 12 ᠪᠢ ᠶᠧᠵᠢᠫᠲ ᠤᠨ ᠪᠤᠷᠬᠠᠳ ᠤᠨ ᠰᠦᠮ᠎ᠡ ᠨᠦᠭᠦᠳ ᠲᠦ ᠭᠠᠯ ᠲᠠᠯᠪᠢᠬᠤ ᠪᠥᠭᠡᠳ ᠨᠧᠪᠦ᠋ᠺᠠᠨᠧᠽᠠᠷ ᠲᠡᠳᠡᠨ ᠢ ᠰᠢᠲᠠᠭᠠᠵᠤ᠂ ᠲᠡᠳᠡᠨ ᠢ ᠣᠯᠵᠠᠯᠠᠨ᠎ᠠ᠃ ᠬᠣᠨᠢᠴᠢᠨ ᠬᠤᠪᠴᠠᠰᠤᠨ ᠠᠴᠠ ᠪᠠᠨ ᠪᠥᠭᠡᠰᠦ ᠲᠡᠭᠦᠬᠦ ᠮᠡᠲᠦ ᠲᠡᠷᠡ ᠪᠡᠷ ᠶᠧᠵᠢᠫᠲ ᠡᠴᠡ ᠲᠡᠭᠦᠵᠦ᠂ ᠲᠡᠨᠳᠡ ᠡᠴᠡ ᠠᠮᠤᠷ ᠲᠠᠢᠪᠤᠩ ᠭᠠᠷᠬᠤ ᠪᠣᠯᠣᠨ᠎ᠠ᠃ 13 ᠲᠡᠷᠡ ᠪᠡᠷ ᠪᠠᠰᠠ ᠶᠧᠵᠢᠫᠲ ᠳᠠᠬᠢ ᠨᠠᠷᠠᠨ ᠰᠦᠮ᠎ᠡ ᠶᠢᠨ ᠴᠢᠯᠠᠭᠤᠨ ᠪᠠᠭᠠᠨ᠎ᠠ ᠨᠤᠭᠤᠳ ᠢ ᠬᠡᠮᠬᠡᠯᠵᠦ᠂ ᠶᠧᠵᠢᠫᠲ ᠤᠨ ᠪᠤᠷᠬᠠᠳ ᠤᠨ ᠰᠦᠮ᠎ᠡ ᠨᠦᠭᠦᠳ ᠢ ᠭᠠᠯᠳᠠᠨ ᠰᠢᠲᠠᠭᠠᠨ᠎ᠠ〉 ᠭᠡᠵᠦ ᠬᠡᠯᠡ᠃》