1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠠᠷᠪᠠᠨ ᠨᠠᠢ᠌ᠮᠠ
 ᠸᠠᠭᠠᠷᠴᠢᠨ ᠤ ᠳᠤ

1 ᠶᠣᠬᠣᠸᠠ ᠶᠢᠨ ᠦᠭᠡ ᠶᠧᠷᠧᠮᠢᠶ᠎ᠠ ᠳᠤ ᠢᠷᠡᠵᠦ ᠠᠢᠯᠠᠳᠪᠠ᠄ 2 《ᠴᠢ ᠸᠠᠭᠠᠷᠴᠢᠨ ᠤ ᠳᠤ ᠣᠴᠢ᠃ ᠲᠡᠨᠳᠡ ᠪᠢ ᠴᠢᠮ᠎ᠠ ᠳᠤ ᠦᠭᠡ ᠪᠡᠨ ᠰᠣᠨᠣᠰᠬᠠᠨ᠎ᠠ》 ᠭᠡᠪᠡ᠃ 3 ᠪᠢ ᠸᠠᠭᠠᠷᠴᠢᠨ ᠤ ᠳᠤ ᠣᠴᠢᠵᠤ ᠦᠵᠡᠬᠦ ᠳᠦ᠂ ᠲᠡᠷᠡ ᠡᠷᠭᠢᠭᠦᠯ ᠲᠠᠪᠠᠭ ᠳᠡᠭᠡᠷ᠎ᠡ ᠠᠵᠢᠯ ᠬᠢᠵᠦ ᠪᠠᠢᠪᠠ᠃ 4 ᠬᠢᠵᠦ ᠪᠠᠢᠭᠰᠠᠨ ᠸᠠᠭᠠᠷ ᠨᠢ ᠲᠡᠭᠦᠨ ᠦ ᠭᠠᠷ ᠲᠤ ᠡᠪᠳᠡᠷᠡᠬᠦ ᠳᠦ᠂ ᠲᠡᠷᠡ ᠨᠥᠭᠥᠭᠡ ᠰᠢᠪᠠᠷ ᠢᠶᠠᠷ ᠥᠪᠡᠷ ᠲᠤᠨᠢ ᠲᠠᠭᠠᠯᠠᠭᠳᠠᠭᠰᠠᠨ ᠣᠨᠳᠣᠣ ᠸᠠᠭᠠᠷ ᠢ ᠬᠢᠪᠡ᠃

5 ᠲᠡᠭᠡᠲᠡᠯ᠎ᠡ ᠶᠣᠬᠣᠸᠠ ᠶᠢᠨ ᠦᠭᠡ ᠨᠠᠳᠠ ᠳᠤ ᠢᠷᠡᠪᠡ᠄ 6 《ᠶᠣᠬᠣᠸᠠ ᠪᠢ ᠠᠢᠯᠠᠳᠴᠤ ᠪᠠᠢᠨ᠎ᠠ᠂ ᠢᠰᠷᠧᠯ ᠤᠨ ᠭᠡᠷ ᠦᠨ ᠬᠢᠨ ᠡ᠂ ᠪᠢ ᠲᠠ ᠨᠠᠷ ᠲᠤ ᠡᠨᠡ ᠸᠠᠭᠠᠷᠴᠢᠨ ᠲᠠᠢ ᠠᠳᠠᠯᠢ ᠦᠢᠯᠡᠳᠴᠦ ᠴᠢᠳᠠᠬᠤ ᠦᠭᠡᠢ ᠭᠡᠵᠢ ᠤᠤ︖ ᠬᠠᠷᠠ᠂ ᠢᠰᠷᠧᠯ ᠤᠨ ᠭᠡᠷ ᠦᠨ ᠬᠢᠨ ᠡ᠂ ᠰᠢᠪᠠᠷ ᠸᠠᠭᠠᠷᠴᠢᠨ ᠤ ᠭᠠᠷ ᠲᠤ ᠪᠠᠢᠭ᠎ᠠ ᠲᠠᠢ ᠠᠳᠠᠯᠢ᠂ ᠲᠠ ᠨᠠᠷ ᠮᠢᠨᠦ ᠭᠠᠷ ᠲᠤ ᠪᠠᠢᠨ᠎ᠠ᠃ 7 ᠬᠡᠵᠢᠶ᠎ᠡ ᠨᠢᠭᠡᠨ ᠴᠠᠭ ᠲᠤ᠂ ᠪᠢ ᠠᠯᠢ ᠨᠢᠭᠡᠨ ᠤᠯᠤᠰ ᠦᠨᠳᠦᠰᠦᠲᠡᠨ ᠢ ᠲᠠᠰᠤᠳᠠᠨ ᠨᠤᠷᠠᠭᠠᠬᠤ ᠪᠠ ᠤᠰᠠᠳᠬᠠᠨ᠎ᠠ ᠭᠡᠵᠦ ᠬᠡᠯᠡᠭᠰᠡᠨ ᠴᠤ᠂ 8 ᠮᠢᠨᠦ ᠬᠡᠯᠡᠭᠰᠡᠨ ᠲᠡᠷᠡ ᠦᠨᠳᠦᠰᠦᠲᠡᠨ ᠪᠤᠵᠠᠷ ᠮᠠᠭᠤ ᠠᠴᠠ ᠪᠠᠨ ᠡᠷᠭᠢᠪᠡᠯ᠂ ᠪᠢ ᠴᠤ ᠲᠡᠭᠦᠨ ᠦ ᠳᠡᠭᠡᠷ᠎ᠡ ᠪᠠᠭᠤᠯᠭᠠᠬᠤ ᠪᠠᠷ ᠲᠥᠯᠥᠪᠯᠡᠭᠰᠡᠨ ᠭᠠᠢ ᠭᠠᠮᠰᠢᠭ ᠢᠶᠠᠨ ᠡᠷᠭᠢᠭᠦᠯᠦᠨ᠎ᠡ᠃ 9 ᠬᠡᠵᠢᠶ᠎ᠡ ᠨᠢᠭᠡᠨ ᠴᠠᠭ ᠲᠤ᠂ ᠪᠢ ᠠᠯᠢ ᠨᠢᠭᠡ ᠤᠯᠤᠰ ᠦᠨᠳᠦᠰᠦᠲᠡᠨ ᠢ ᠲᠠᠷᠢᠵᠤ ᠪᠣᠰᠬᠠᠨ᠎ᠠ ᠭᠡᠵᠦ ᠬᠡᠯᠡᠭᠰᠡᠨ ᠴᠤ 10 ᠲᠡᠷᠡ ᠳᠠᠭᠤ ᠶᠢ ᠮᠢᠨᠢ ᠦᠯᠦ ᠰᠣᠨᠣᠰᠣᠨ ᠮᠢᠨᠦ ᠨᠢᠳᠦᠨ ᠦ ᠡᠮᠦᠨ᠎ᠡ ᠪᠤᠵᠠᠷ ᠮᠠᠭᠤ ᠶᠢ ᠦᠢᠯᠡᠳᠪᠡᠯ᠂ ᠪᠢ ᠴᠤ ᠲᠡᠭᠦᠨ ᠢ ᠢᠪᠡᠭᠡᠬᠦ ᠭᠡᠰᠡᠨ ᠢᠪᠡᠭᠡᠯ ᠢᠶᠡᠨ ᠡᠷᠭᠢᠭᠦᠯᠦᠨ᠎ᠡ᠃ 11 ᠣᠳᠣ ᠴᠢ ᠶᠦᠳᠠᠴᠤᠳ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠲᠤ 〈ᠶᠣᠬᠣᠸᠠ ᠡᠢᠨ ᠬᠦ ᠠᠢᠯᠠᠳᠴᠤ ᠪᠠᠢᠨ᠎ᠠ᠄ ᠬᠠᠷᠠ᠂ ᠪᠢ ᠲᠠ ᠨᠠᠷ ᠤᠨ ᠡᠮᠦᠨ᠎ᠡ ᠭᠠᠢ ᠭᠠᠮᠰᠢᠭ ᠢ ᠪᠡᠯᠡᠳᠬᠡᠨ ᠲᠥᠯᠥᠪᠯᠡᠵᠦ ᠪᠠᠢᠨ᠎ᠠ᠃ ᠲᠠ ᠨᠠᠷ ᠤᠨ ᠬᠥᠮᠦᠨ ᠪᠦᠷᠢ ᠪᠤᠵᠠᠷ ᠮᠠᠭᠤ ᠵᠠᠮ ᠠᠴᠠ ᠪᠠᠨ ᠡᠷᠭᠢᠵᠦ᠂ ᠦᠢᠯᠡᠰ ᠮᠥᠷ ᠢᠶᠡᠨ ᠰᠢᠨᠡᠴᠢᠯᠡ ᠬᠡᠮᠡᠪᠡ〉 ᠭᠡᠵᠦ ᠬᠡᠯᠡ᠃

12 ᠭᠡᠪᠡᠴᠦ ᠲᠡᠳᠡ᠄ 〈ᠬᠡᠷᠡᠭ ᠦᠭᠡᠢ︕ ᠪᠢᠳᠡ ᠥᠪᠡᠷᠰᠡᠳ ᠦᠨ ᠢᠶᠠᠨ ᠲᠥᠯᠥᠪᠯᠡᠭᠡ ᠪᠡᠷ ᠬᠢᠨ᠎ᠡ〉 ᠭᠡᠳ ᠬᠥᠮᠦᠨ ᠪᠦᠷᠢ ᠬᠣᠷᠣᠨ ᠮᠠᠭᠤ ᠰᠠᠨᠠᠭ᠎ᠠ ᠪᠠᠨ ᠳᠠᠭᠠᠵᠤ᠂ ᠵᠥᠷᠢᠭᠦᠳᠯᠡᠨ ᠦᠢᠯᠡᠳᠬᠦ ᠪᠣᠯᠣᠨ᠎ᠠ᠃》
13 ᠲᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ 《ᠦᠨᠳᠦᠰᠦᠲᠡᠨ ᠨᠦᠭᠦᠳ ᠡᠴᠡ ᠠᠰᠠᠭᠤ᠂ ᠡᠳᠡᠭᠡᠷ ᠵᠦᠢᠯ ᠢ ᠰᠣᠨᠣᠰᠣᠭᠰᠠᠨ ᠬᠥᠮᠦᠨ ᠬᠠᠮᠢᠭ᠎ᠠ ᠪᠠᠢᠨ᠎ᠠ︖ ᠣᠩ᠋ᠭᠣᠨ ᠥᠬᠢᠨ ᠢᠰᠷᠧᠯ ᠦᠨᠡᠬᠡᠷ ᠠᠶᠤᠮᠰᠢᠭ ᠲᠠᠢ ᠵᠦᠢᠯ ᠢ ᠬᠢᠭᠰᠡᠨ ᠪᠠᠢᠨ᠎ᠠ᠃
14 ᠯᠧᠪᠠᠨᠣᠨ ᠤ ᠠᠭᠤᠯᠠ ᠬᠠᠳᠠᠨ ᠠᠴᠠ ᠴᠠᠰᠤ ᠠᠷᠢᠯᠬᠤ ᠤᠤ︖ ᠬᠣᠯᠠ ᠠᠴᠠ ᠡᠬᠢ ᠲᠠᠢ ᠬᠦᠢᠲᠡᠨ ᠤᠰᠤ ᠤᠷᠤᠰᠬᠤ ᠪᠠᠨ ᠵᠣᠭᠰᠣᠬᠤ ᠤᠤ︖
15 ᠬᠠᠷᠢᠨ ᠮᠢᠨᠦ ᠠᠷᠠᠳ ᠲᠦᠮᠡᠨ ᠨᠠᠮᠠᠶᠢ ᠤᠮᠠᠷᠲᠠᠨ ᠬᠠᠭᠤᠷᠮᠠᠭ ᠪᠤᠷᠬᠠᠳ ᠲᠤ ᠤᠲᠤᠯᠭ᠎ᠠ ᠤᠭᠤᠭᠢᠭᠤᠯᠤᠭᠰᠠᠨ ᠳᠤ ᠲᠡᠳᠡᠭᠡᠷ ᠪᠤᠷᠬᠠᠨ ᠨᠢ ᠲᠡᠳᠡᠨ ᠢ ᠵᠠᠮ ᠠᠴᠠ ᠨᠢ᠂ ᠤᠷᠢᠳᠤ ᠶᠢᠨ ᠵᠠᠮ ᠠᠴᠠ ᠨᠢ ᠪᠦᠳᠦᠷᠢᠭᠦᠯᠵᠦ ᠭᠣᠣᠯ ᠵᠠᠮ ᠪᠤᠰᠤ ᠭᠠᠵᠢ ᠵᠠᠮ ᠢᠶᠠᠷ ᠬᠥᠲᠥᠯᠥᠭᠰᠡᠨ
16 ᠡᠢᠮᠦ ᠡᠴᠡ ᠲᠡᠳᠡᠨ ᠦ ᠨᠤᠲᠤᠭ ᠡᠵᠡᠭᠦᠢᠷᠡᠨ ᠡᠭᠦᠷᠢᠳᠡ ᠶᠢᠨ ᠳᠣᠭᠣᠭᠢ ᠪᠣᠯᠵᠤ ᠡᠨᠡᠭᠦᠷ ᠥᠩᠭᠡᠷᠡᠭᠴᠢ ᠬᠥᠮᠦᠨ ᠪᠦᠷᠢ ᠰᠣᠴᠢᠵᠤ᠂ ᠲᠣᠯᠣᠭᠠᠢ ᠪᠠᠨ ᠰᠡᠭᠰᠦᠷᠦᠨ᠎ᠡ᠃
17 ᠳᠠᠢᠰᠤᠨ ᠤ ᠬᠢᠨᠢ ᠡᠮᠦᠨ᠎ᠡ ᠪᠢ ᠲᠡᠳᠡᠨ ᠢ ᠳᠣᠷᠣᠨ᠎ᠠ ᠶᠢᠨ ᠰᠠᠯᠬᠢ ᠮᠡᠲᠦ ᠰᠠᠷᠨᠢᠭᠤᠯᠵᠤ ᠭᠠᠮᠰᠢᠭ ᠤᠨ ᠡᠳᠦᠷ ᠨᠢ ᠪᠢ ᠲᠡᠳᠡᠨ ᠳᠦ ᠨᠢᠭᠤᠷ ᠢᠶᠠᠨ ᠪᠤᠰᠤ᠂ ᠨᠢᠷᠤᠭᠤ ᠪᠠᠨ ᠬᠠᠷᠠᠭᠤᠯᠤᠨ᠎ᠠ᠃》

18 ᠲᠡᠳᠡ᠄ 《ᠬᠥᠶᠶ᠂ ᠶᠧᠷᠧᠮᠢᠶ᠎ᠠ ᠶᠢᠨ ᠡᠰᠡᠷᠭᠦ ᠲᠥᠯᠥᠪᠯᠡᠭᠡ ᠰᠡᠳᠦᠶ᠎ᠡ᠃ ᠲᠡᠷᠡ ᠦᠭᠡᠢ ᠪᠠᠷ ᠲᠠᠬᠢᠯᠴᠢ ᠶᠢᠨ ᠵᠢᠭᠠᠪᠤᠷᠢ᠂ ᠮᠡᠷᠭᠡᠨ ᠬᠥᠮᠦᠨ ᠦ ᠵᠥᠪᠯᠡᠯᠭᠡ᠂ ᠡᠰᠢ ᠦᠵᠡᠭᠦᠯᠦᠭᠴᠢ ᠶᠢᠨ ᠦᠭᠡ ᠲᠠᠰᠤᠷᠠᠬᠤ ᠶᠤᠮ ᠪᠢᠰᠢ᠃ ᠬᠥᠶᠶ᠂ ᠪᠢᠳᠡ ᠲᠡᠭᠦᠨ ᠢ ᠬᠡᠯᠡ ᠪᠡᠷ ᠳᠠᠭᠠᠷᠢᠶ᠎ᠠ᠂ ᠦᠭᠡᠨ ᠳᠦᠨᠢ ᠠᠩ᠋ᠬᠠᠷᠤᠯ ᠲᠠᠯᠪᠢᠬᠤ ᠪᠠᠨ ᠪᠣᠯᠢᠶ᠎ᠠ》 ᠭᠡᠵᠦ ᠬᠡᠯᠡᠪᠡ᠃
19 ᠶᠣᠬᠣᠸᠠ ᠦᠭᠡᠨ ᠳᠦ ᠮᠢᠨᠢ ᠠᠩ᠋ᠬᠠᠷᠤᠯ ᠲᠠᠯᠪᠢᠵᠤ᠂ ᠮᠢᠨᠦ ᠳᠠᠢᠰᠤᠨ ᠨᠤᠭᠤᠳ ᠤᠨ ᠶᠠᠭᠤ ᠶᠠᠷᠢᠵᠤ ᠪᠠᠢᠭ᠎ᠠ ᠶᠢ ᠰᠣᠨᠣᠰᠣᠭᠠᠴᠢ︕
20 ᠲᠡᠳᠡ ᠮᠢᠨᠦ ᠠᠮᠢ ᠶᠢ ᠬᠥᠨᠥᠭᠡᠬᠦ ᠪᠡᠷ ᠨᠦᠬᠡ ᠤᠬᠤᠭᠰᠠᠨ︕ ᠢᠩᠭᠢᠵᠦ ᠰᠠᠢᠨ ᠢ ᠮᠠᠭᠤ ᠪᠠᠷ ᠬᠠᠷᠢᠭᠤᠯᠬᠤ ᠭᠡᠵᠢ ᠤᠤ︖ ᠬᠠᠷᠢᠨ ᠪᠢ ᠲᠠᠨ ᠤ ᠠᠭᠤᠷ ᠬᠢᠯᠢᠩ ᠢ ᠲᠡᠳᠡᠨ ᠡᠴᠡ ᠵᠠᠢᠯᠠᠭᠤᠯᠬᠤ ᠪᠠᠷ ᠲᠠᠨ ᠤ ᠡᠮᠦᠨ᠎ᠡ ᠵᠣᠭᠰᠣᠭᠠᠳ ᠲᠡᠳᠡᠨ ᠦ ᠡᠮᠦᠨ᠎ᠡ ᠡᠴᠡ ᠰᠠᠢᠨ ᠢ ᠶᠠᠷᠢᠭᠰᠠᠨ ᠪᠢᠯᠡ᠂ ᠡᠭᠦᠨ ᠢ ᠲᠠ ᠰᠠᠨᠠᠵᠤ
21 ᠲᠡᠳᠡᠨ ᠦ ᠬᠡᠦᠬᠡᠳ ᠤᠳ ᠢ ᠥᠯᠥᠰᠬᠥᠯᠡᠩ ᠳᠤ ᠲᠤᠰᠢᠶᠠ ᠲᠡᠳᠡᠨ ᠢ ᠢᠯᠳᠦᠨ ᠦ ᠬᠦᠴᠦᠨ ᠳᠦ ᠰᠥᠨᠥᠭᠡ ᠡᠬᠡᠨᠡᠷ ᠤᠳ ᠢ ᠨᠢ ᠦᠷ᠎ᠡ ᠬᠡᠦᠬᠡᠳ ᠦᠭᠡᠢ ᠪᠡᠯᠪᠡᠰᠦᠨ ᠪᠣᠯᠭᠠᠨ ᠨᠥᠬᠥᠷ ᠤᠳ ᠢ ᠨᠢ ᠦᠬᠦᠯ ᠳᠦ ᠬᠦᠷᠭᠡᠵᠦ ᠢᠳᠡᠷ ᠵᠠᠯᠠᠭᠤᠰ ᠢ ᠨᠢ ᠲᠤᠯᠤᠯᠳᠤᠭᠠᠨ ᠤ ᠢᠯᠳᠦᠨ ᠳᠦ ᠥᠷᠲᠥᠭᠦᠯᠦᠭᠡᠴᠢ᠃
22 ᠲᠠᠨ ᠤ ᠭᠡᠨᠡᠳᠲᠡ ᠶᠠᠪᠤᠭᠤᠯᠤᠭᠰᠠᠨ ᠴᠡᠷᠢᠭ ᠤᠨ ᠬᠦᠴᠦᠨ ᠳᠦ ᠲᠡᠳᠡᠨ ᠦ ᠭᠡᠷ ᠤᠳ ᠠᠴᠠ ᠬᠠᠰᠬᠢᠷᠤᠭᠠᠨ ᠰᠣᠨᠣᠰᠳᠠᠬᠤ ᠪᠣᠯᠣᠨ᠎ᠠ ᠨᠠᠮᠠᠶᠢ ᠪᠠᠷᠢᠬᠤ ᠪᠠᠷ ᠲᠡᠳᠡ ᠨᠦᠬᠡ ᠤᠬᠤᠵᠤ ᠮᠢᠨᠦ ᠬᠥᠯ ᠢ ᠬᠠᠪᠴᠢᠬᠤ ᠪᠠᠷ ᠬᠠᠪᠬ᠎ᠠ ᠲᠠᠯᠪᠢᠭᠰᠠᠨ ᠪᠣᠯᠪᠠᠴᠤ
23 ᠨᠠᠮᠠᠶᠢ ᠬᠥᠨᠥᠭᠡᠬᠦ ᠭᠡᠵᠦ ᠪᠤᠢ ᠪᠦᠬᠦ ᠬᠤᠤᠪᠢᠯᠳᠤᠭᠠᠨ ᠢ ᠨᠢ ᠶᠣᠬᠣᠸᠠ ᠲᠠ ᠮᠡᠳᠡᠨ᠎ᠡ᠂ ᠲᠡᠳᠡᠨ ᠦ ᠭᠡᠮ ᠪᠤᠷᠤᠭᠤ ᠶᠢ ᠪᠦᠦ ᠠᠭᠤᠴᠢᠯᠠ ᠲᠡᠳᠡᠨ ᠦ ᠨᠢᠭᠦᠯ ᠢ ᠥᠪᠡᠷ ᠦᠨ ᠢᠶᠠᠨ ᠮᠡᠯᠮᠡᠢ ᠡᠴᠡ ᠪᠦᠦ ᠠᠷᠴᠢᠭᠠᠴᠢ ᠲᠡᠳᠡ ᠲᠠᠨ ᠤ ᠡᠮᠦᠨ᠎ᠡ ᠲᠣᠩ᠋ᠭᠣᠷᠴᠤ ᠤᠨᠠᠭ ᠲᠡᠢᠨ ᠬᠦ ᠲᠠ ᠠᠭᠤᠷ ᠬᠢᠯᠢᠩ ᠤᠨ ᠴᠠᠭ ᠲᠠᠭᠠᠨ ᠲᠡᠳᠡᠨ ᠳᠦ ᠦᠢᠯᠡᠳᠦᠭᠡᠴᠢ︕