ᠶᠧᠷᠧᠮᠢᠶ᠎ᠠ ᠬᠣᠷᠢᠨ ᠨᠠᠢ᠌ᠮᠠ
ᠬᠠᠭᠤᠷᠮᠠᠭ ᠡᠰᠢ ᠦᠵᠡᠭᠦᠯᠦᠭᠴᠢ ᠬᠠᠨᠠᠨᠢᠶ᠎ᠠ
1 ᠲᠡᠷᠡ ᠵᠢᠯ᠂ ᠶᠦᠳᠠ ᠶᠢᠨ ᠬᠠᠭᠠᠨ ᠽᠧᠳᠧᠺᠢᠶ᠎ᠠ ᠶᠢᠨ ᠬᠠᠭᠠᠨᠴᠢᠯᠠᠯ ᠤᠨ ᠡᠬᠢᠨ ᠤ ᠦᠶ᠎ᠡ ᠪᠤᠶᠤ ᠳᠥᠷᠪᠡᠳᠡᠬᠢ ᠵᠢᠯ ᠤᠨ ᠲᠠᠪᠤᠳᠤᠭᠠᠷ ᠰᠠᠷ᠎ᠠ ᠳᠤ ᠭᠢᠪᠧᠶᠣᠨ ᠠᠴᠠ ᠭᠠᠷᠤᠯ ᠲᠠᠢ᠂ ᠠᠽᠦ᠋ᠷ ᠤᠨ ᠬᠦᠦ ᠡᠰᠢ ᠦᠵᠡᠭᠦᠯᠦᠭᠴᠢ ᠬᠠᠨᠠᠨᠢᠶ᠎ᠠ ᠶᠣᠬᠣᠸᠠ ᠶᠢᠨ ᠥᠷᠭᠥᠭᠡᠨ ᠳᠦ ᠲᠠᠬᠢᠯᠴᠢᠳ ᠪᠣᠯᠣᠨ ᠪᠦᠬᠦ ᠠᠷᠠᠳ ᠲᠦᠮᠡᠨ ᠦ ᠡᠮᠦᠨ᠎ᠡ ᠨᠠᠳᠠ ᠳᠤ ᠶᠠᠷᠢᠨ᠄ 2 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠪᠢ ᠪᠠᠪᠢᠯᠣᠨ ᠤ ᠬᠠᠭᠠᠨ ᠤ ᠪᠤᠭᠤᠯᠠᠭ᠎ᠠ ᠶᠢ ᠡᠪᠳᠡᠯᠡᠨᠡ︕ 3 ᠪᠢ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠡ᠊ᠨᠳᠡ ᠡᠴᠡ ᠪᠠᠪᠢᠯᠣᠨ ᠳᠤ ᠠᠪᠠᠴᠢᠭᠰᠠᠨ ᠶᠣᠬᠣᠸᠠ ᠶᠢᠨ ᠥᠷᠭᠥᠭᠡᠨ ᠦ ᠪᠦᠬᠦ ᠰᠠᠪᠠ ᠰᠠᠭᠤᠯᠠᠭ᠎ᠠ ᠶᠢ ᠬᠣᠶᠠᠷ ᠵᠢᠯ ᠤᠨ ᠳᠣᠲᠣᠷ᠎ᠠ ᠡᠨᠡ ᠭᠠᠵᠠᠷ ᠤᠷᠤᠭᠤ ᠪᠤᠴᠠᠭᠠᠵᠤ᠂ 4 ᠮᠥᠨ ᠶᠦᠳᠠ ᠶᠢᠨ ᠬᠠᠭᠠᠨ᠂ ᠶᠧᠬᠣᠢᠶᠠᠺᠢᠮ ᠤᠨ ᠬᠦᠦ ᠶᠧᠺᠣᠨᠢᠶᠠ ᠶᠢ ᠪᠠᠪᠢᠯᠣᠨ ᠤᠷᠤᠭᠤ ᠴᠥᠯᠡᠭᠳᠡᠭᠰᠡᠨ ᠪᠦᠬᠦ ᠶᠦᠳᠠᠴᠤᠳ ᠤᠨ ᠬᠠᠮᠲᠤ ᠡᠨᠡ ᠭᠠᠵᠠᠷ ᠤᠷᠤᠭᠤ ᠪᠤᠴᠠᠭᠠᠵᠤ ᠠᠪᠴᠢᠷᠠᠨ᠎ᠠ᠃〉 ᠶᠣᠬᠣᠸᠠ ᠠᠢᠯᠠᠳᠴᠤ ᠪᠠᠢᠨ᠎ᠠ᠄ 〈ᠦᠨᠡᠬᠡᠷ ᠪᠢ ᠪᠠᠪᠢᠯᠣᠨ ᠤ ᠬᠠᠭᠠᠨ ᠤ ᠪᠤᠭᠤᠯᠠᠭ᠎ᠠ ᠶᠢ ᠡᠪᠳᠡᠯᠡᠨᠡ〉》 ᠭᠡᠪᠡ᠃
5 ᠡᠢᠮᠦ ᠡᠴᠡ ᠡᠰᠢ ᠦᠵᠡᠭᠦᠯᠦᠭᠴᠢ ᠶᠧᠷᠧᠮᠢᠶ᠎ᠠ ᠶᠣᠬᠣᠸᠠ ᠶᠢᠨ ᠥᠷᠭᠥᠭᠡᠨ ᠳᠦ ᠵᠣᠭᠰᠣᠵᠤ ᠪᠤᠢ ᠲᠠᠬᠢᠯᠴᠢᠳ ᠪᠣᠯᠣᠨ ᠪᠦᠬᠦ ᠠᠷᠠᠳ ᠲᠦᠮᠡᠨ ᠦ ᠡᠮᠦᠨ᠎ᠡ ᠡᠰᠢ ᠦᠵᠡᠭᠦᠯᠦᠭᠴᠢ ᠬᠠᠨᠠᠨᠢᠶ᠎ᠠ ᠳᠤ ᠬᠠᠷᠢᠭᠤᠯᠪᠠ᠃ 6 ᠡᠰᠢ ᠦᠵᠡᠭᠦᠯᠦᠭᠴᠢ ᠶᠧᠷᠧᠮᠢᠶ᠎ᠠ᠄ 《ᠠᠮᠧᠨ︕ ᠶᠣᠬᠣᠸᠠ ᠲᠡᠭᠡᠵᠦ ᠦᠢᠯᠡᠳᠬᠦ ᠴᠤ ᠪᠣᠯᠣᠭᠠᠰᠠᠢ᠃ ᠶᠣᠬᠣᠸᠠ ᠴᠢᠨᠦ ᠡᠰᠢ ᠦᠵᠡᠭᠦᠯᠦᠭᠰᠡᠨ ᠦᠭᠡᠰ ᠢ ᠪᠡᠶᠡᠯᠡᠭᠦᠯᠦᠨ ᠶᠣᠬᠣᠸᠠ ᠶᠢᠨ ᠥᠷᠭᠥᠭᠡᠨ ᠦ ᠰᠠᠪᠠ ᠰᠠᠭᠤᠯᠠᠭ᠎ᠠ ᠨᠤᠭᠤᠳ ᠪᠣᠯᠣᠨ ᠪᠦᠬᠦ ᠴᠥᠯᠡᠭᠳᠡᠭᠰᠡᠳ ᠢ ᠪᠠᠪᠢᠯᠣᠨ ᠠᠴᠠ ᠡᠨᠡ ᠭᠠᠵᠠᠷ ᠲᠤ ᠪᠤᠴᠠᠭᠠᠵᠤ ᠠᠪᠴᠢᠷᠠᠬᠤ ᠪᠣᠯᠲᠤᠭᠠᠢ᠃ 7 ᠬᠠᠷᠢᠨ ᠴᠢ ᠣᠳᠣ ᠥᠪᠡᠷ ᠦᠨ ᠴᠢᠨᠢ ᠴᠢᠬᠢ ᠪᠣᠯᠣᠨ ᠪᠦᠬᠦ ᠠᠷᠠᠳ ᠲᠦᠮᠡᠨ ᠦ ᠴᠢᠬᠢᠨ ᠳᠤ ᠬᠦᠷᠭᠡᠬᠦ ᠮᠢᠨᠦ ᠡᠨᠡ ᠦᠭᠡ ᠶᠢ ᠰᠣᠨᠣᠰ︕ 8 ᠴᠢ ᠪᠢᠳᠡ ᠬᠣᠶᠠᠷ ᠠᠴᠠ ᠡᠮᠦᠨ᠎ᠡ ᠪᠠᠢᠭᠰᠠᠨ ᠡᠰᠢ ᠦᠵᠡᠭᠦᠯᠦᠭᠴᠢᠳ ᠣᠯᠠᠨ ᠣᠷᠣᠨ᠂ ᠬᠦᠴᠦᠷᠬᠡᠭ ᠭᠦᠷᠦᠨ ᠨᠦᠭᠦᠳ ᠦᠨ ᠲᠤᠬᠠᠢ ᠳᠠᠢᠨ᠂ ᠭᠠᠮᠰᠢᠭ ᠪᠣᠯᠣᠨ ᠲᠠᠬᠤᠯ ᠤᠨ ᠲᠠᠯ᠎ᠠ ᠪᠠᠷ ᠡᠷᠳᠡᠨ ᠡᠴᠡ ᠡᠰᠢ ᠦᠵᠡᠭᠦᠯᠵᠦ ᠪᠠᠢᠭᠰᠠᠨ᠃ 9 ᠭᠡᠪᠡᠴᠦ ᠠᠮᠤᠷ ᠠᠮᠤᠭᠤᠯᠠᠩ ᠤᠨ ᠲᠤᠬᠠᠢ ᠡᠰᠢ ᠦᠵᠡᠭᠦᠯᠦᠭᠰᠡᠨ ᠡᠰᠢ ᠦᠵᠡᠭᠦᠯᠦᠭᠴᠢ ᠶᠢᠨ ᠬᠤᠪᠢ ᠳᠤ᠂ ᠡᠰᠢ ᠦᠵᠡᠭᠦᠯᠦᠯᠭᠡ ᠶᠢᠨ ᠦᠭᠡ ᠨᠢ ᠪᠡᠶᠡᠯᠡᠭᠳᠡᠬᠦ ᠶᠤᠮ ᠪᠣᠯ᠂ ᠶᠣᠬᠣᠸᠠ ᠶᠢᠨ ᠢᠯᠡᠭᠡᠭᠰᠡᠨ ᠨᠢᠭᠡᠨ ᠮᠥᠨ ᠭᠡᠳᠡᠭ ᠨᠢ ᠮᠡᠳᠡᠭᠳᠡᠨ᠎ᠡ》 ᠭᠡᠵᠦ ᠬᠡᠯᠡᠪᠡ᠃
10 ᠲᠡᠭᠡᠲᠡᠯ᠎ᠡ ᠡᠰᠢ ᠦᠵᠡᠭᠦᠯᠦᠭᠴᠢ ᠬᠠᠨᠠᠨᠢᠶ᠎ᠠ ᠡᠰᠢ ᠦᠵᠡᠭᠦᠯᠦᠭᠴᠢ ᠶᠧᠷᠧᠮᠢᠶ᠎ᠠ ᠶᠢᠨ ᠬᠦᠵᠦᠭᠦᠨ ᠡᠴᠡ ᠪᠤᠭᠤᠯᠠᠭ᠎ᠠ ᠶᠢ ᠠᠪᠴᠤ ᠡᠪᠳᠡᠯᠡᠵᠡᠢ᠃ 11 ᠬᠠᠨᠠᠨᠢᠶ᠎ᠠ ᠪᠦᠬᠦ ᠠᠷᠠᠳ ᠲᠦᠮᠡᠨ ᠦ ᠡᠮᠦᠨ᠎ᠡ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠬᠣᠶᠠᠷ ᠵᠢᠯ ᠤᠨ ᠳᠣᠲᠣᠷ᠎ᠠ ᠪᠦᠬᠦ ᠦᠨᠳᠦᠰᠦᠲᠡᠨ ᠦ ᠬᠦᠵᠦᠭᠦᠨ ᠡᠴᠡ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠪᠤᠭᠤᠯᠠᠭ᠎ᠠ ᠶᠢ ᠶᠠᠭ ᠢᠩᠭᠢᠵᠦ ᠡᠪᠳᠡᠯᠡᠨᠡ〉》 ᠭᠡᠰᠡᠨ ᠳᠦ᠂ ᠡᠰᠢ ᠦᠵᠡᠭᠦᠯᠦᠭᠴᠢ ᠶᠧᠷᠧᠮᠢᠶ᠎ᠠ ᠥᠪᠡᠷ ᠦᠨ ᠢᠶᠠᠨ ᠵᠠᠮ ᠢᠶᠠᠷ ᠣᠳᠪᠠ᠃
12 ᠡᠰᠢ ᠦᠵᠡᠭᠦᠯᠦᠭᠴᠢ ᠬᠠᠨᠠᠨᠢᠶ᠎ᠠ ᠡᠰᠢ ᠦᠵᠡᠭᠦᠯᠦᠭᠴᠢ ᠶᠧᠷᠧᠮᠢᠶ᠎ᠠ ᠶᠢᠨ ᠬᠦᠵᠦᠭᠦᠨ ᠡᠴᠡ ᠪᠤᠭᠤᠯᠠᠭ᠎ᠠ ᠶᠢ ᠡᠪᠳᠡᠯᠡᠭᠰᠡᠨ ᠦ ᠳᠠᠷᠠᠭ᠎ᠠ᠂ ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠄ 13 《ᠴᠢ ᠬᠠᠨᠠᠨᠢᠶ᠎ᠠ ᠳᠡᠭᠡᠷ᠎ᠡ ᠣᠴᠢᠵᠤ᠂ ᠲᠡᠭᠦᠨ ᠳᠦ ᠬᠡᠯᠡ᠄ 〈ᠶᠣᠬᠣᠸᠠ ᠡᠢᠨ ᠬᠦ ᠠᠢᠯᠠᠳᠴᠤ ᠪᠠᠢᠨ᠎ᠠ᠄ ᠴᠢ ᠮᠣᠳᠣᠨ ᠪᠤᠭᠤᠯᠠᠭ᠎ᠠ ᠶᠢ ᠡᠪᠳᠡᠯᠡᠵᠦ᠂ ᠣᠷᠣᠨ ᠳᠤᠨᠢ ᠲᠡᠮᠦᠷ ᠪᠤᠭᠤᠯᠠᠭ᠎ᠠ ᠶᠢ ᠬᠢᠯᠭᠡᠯ᠎ᠡ᠃〉 14 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠪᠢ ᠡᠨᠡ ᠪᠦᠬᠦ ᠦᠨᠳᠦᠰᠦᠲᠡᠨ ᠦ ᠬᠦᠵᠦᠭᠦᠨ ᠳᠦ ᠲᠡᠮᠦᠷ ᠪᠤᠭᠤᠯᠠᠭ᠎ᠠ ᠲᠣᠬᠣᠵᠤ᠂ ᠪᠠᠪᠢᠯᠣᠨ ᠤ ᠬᠠᠭᠠᠨ ᠨᠧᠪᠦ᠋ᠺᠠᠨᠧᠽᠠᠷ ᠲᠤ ᠦᠢᠯᠡᠴᠢᠯᠡᠭᠦᠯᠬᠦ ᠲᠤᠯᠠ ᠲᠡᠳᠡ ᠲᠡᠭᠦᠨ ᠳᠦ ᠦᠢᠯᠡᠴᠢᠯᠡᠬᠦ ᠪᠣᠯᠣᠨ᠎ᠠ᠃ ᠪᠢ ᠬᠡᠭᠡᠷ᠎ᠡ ᠶᠢᠨ ᠠᠷᠢᠶᠠᠲᠠᠳ ᠢ ᠴᠤ ᠲᠡᠭᠦᠨ ᠳᠦ ᠥᠭᠭᠥᠭᠰᠡᠨ ᠪᠢᠯᠡ᠃〉》 15 ᠡᠰᠢ ᠦᠵᠡᠭᠦᠯᠦᠭᠴᠢ ᠶᠧᠷᠧᠮᠢᠶ᠎ᠠ ᠡᠰᠢ ᠦᠵᠡᠭᠦᠯᠦᠭᠴᠢ ᠬᠠᠨᠠᠨᠢᠶ᠎ᠠ ᠳᠤ᠄ 《ᠰᠣᠨᠣᠰᠣᠭᠠᠴᠢ᠂ ᠬᠠᠨᠠᠨᠢᠶ᠎ᠠ᠂ ᠶᠣᠬᠣᠸᠠ ᠴᠢᠮᠠᠶᠢ ᠢᠯᠡᠭᠡᠭᠡ ᠦᠭᠡᠢ ᠠᠲᠠᠯ᠎ᠠ ᠴᠢ ᠡᠨᠡ ᠠᠷᠠᠳ ᠲᠦᠮᠡᠨ ᠢ ᠬᠤᠳᠠᠯ ᠳᠤ ᠢᠲᠡᠭᠡᠭᠦᠯᠵᠡᠢ᠃ 16 ᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠴᠢᠮᠠᠶᠢ ᠭᠠᠵᠠᠷ ᠤᠨ ᠭᠠᠳᠠᠷᠭᠤ ᠠᠴᠠ ᠠᠷᠴᠢᠬᠤ ᠭᠡᠵᠦ ᠪᠠᠢᠨ᠎ᠠ᠃ ᠴᠢ ᠶᠣᠬᠣᠸᠠ ᠠᠴᠠ ᠲᠡᠷᠰᠯᠡᠬᠦ ᠶᠢ ᠢᠳᠬᠠᠭᠰᠠᠨ ᠲᠤᠯᠠ ᠥᠨᠥ ᠵᠢᠯ ᠦᠬᠦᠬᠦ ᠪᠣᠯᠣᠨ᠎ᠠ〉》 ᠭᠡᠰᠡᠨ ᠪᠠᠢᠯ᠎ᠠ᠃
17 ᠲᠡᠭᠡᠭᠡᠳ ᠡᠰᠢ ᠦᠵᠡᠭᠦᠯᠦᠭᠴᠢ ᠬᠠᠨᠠᠨᠢᠶ᠎ᠠ ᠶᠠᠭ ᠲᠡᠷᠡ ᠵᠢᠯ ᠤᠨ ᠳᠣᠯᠣᠳᠤᠭᠠᠷ ᠰᠠᠷ᠎ᠠ ᠳᠤ ᠦᠬᠦᠪᠡ᠃