ᠶᠧᠷᠧᠮᠢᠶ᠎ᠠ ᠳᠥᠴᠢᠨ ᠲᠠᠪᠤ
ᠪᠠᠷᠦ᠋ᠺ ᠲᠤ ᠳᠠᠮᠵᠢᠭᠤᠯᠤᠭᠰᠠᠨ ᠦᠭᠡ
1 ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠶᠧᠬᠣᠢᠶᠠᠺᠢᠮ ᠤᠨ ᠳᠥᠷᠪᠡᠳᠦᠭᠡᠷ ᠣᠨ ᠳᠤ᠂ ᠨᠧᠷᠢᠶ᠎ᠠ ᠶᠢᠨ ᠬᠦᠦ ᠪᠠᠷᠦ᠋ᠺ ᠡᠳᠡᠭᠡᠷ ᠦᠭᠡ ᠶᠢ ᠶᠧᠷᠧᠮᠢᠶ᠎ᠠ ᠪᠠᠷ ᠬᠡᠯᠡᠭᠦᠯᠵᠦ ᠬᠤᠢᠯᠠᠮᠠᠯ ᠳᠤ ᠪᠢᠴᠢᠭᠰᠡᠨ ᠦ ᠳᠠᠷᠠᠭ᠎ᠠ᠂ ᠡᠰᠢ ᠦᠵᠡᠭᠦᠯᠦᠭᠴᠢ ᠶᠧᠷᠧᠮᠢᠶ᠎ᠠ ᠶᠢᠨ ᠲᠡᠭᠦᠨ ᠳᠦ ᠬᠡᠯᠡᠭᠰᠡᠨ ᠦᠭᠡ᠄ 2 ᠪᠠᠷᠦ᠋ᠺ ᠡ᠂ ᠢᠰᠷᠧᠯ ᠤᠨ ᠪᠤᠷᠬᠠᠨ ᠶᠣᠬᠣᠸᠠ ᠴᠢᠮ᠎ᠠ ᠳᠤ ᠠᠢᠯᠠᠳᠪᠠ᠄ 3 《ᠴᠢ 〈ᠥ᠂ ᠪᠢ ᠭᠠᠰᠠᠯᠠᠩᠲᠠᠶ᠎ᠠ ᠡ︕ ᠶᠣᠬᠣᠸᠠ ᠰᠢᠨᠠᠯᠤᠯ ᠳᠡᠭᠡᠷ᠎ᠡ ᠮᠢᠨᠢ ᠵᠣᠪᠠᠯᠠᠩ ᠨᠡᠮᠡᠵᠡᠢ᠃ ᠪᠢ ᠶᠣᠣᠯᠠᠭᠰᠠᠭᠠᠷ ᠶᠠᠳᠠᠷᠠᠭᠰᠠᠨ᠂ ᠠᠮᠠᠷᠠᠯ ᠴᠤ ᠦᠭᠡᠢ〉 ᠭᠡᠵᠦ ᠬᠡᠯᠡᠭᠰᠡᠨ᠃》 4 ᠲᠡᠷᠡ ᠪᠠᠰᠠ ᠨᠠᠳᠠ ᠳᠤ᠄ 《ᠶᠣᠬᠣᠸᠠ ᠡᠢᠨ ᠬᠦ ᠠᠢᠯᠠᠳᠴᠤ ᠪᠠᠢᠨ᠎ᠠ᠃ ᠴᠢ ᠪᠠᠷᠦ᠋ᠺ ᠲᠤ᠄ 〈ᠬᠠᠷ᠎ᠠ᠂ ᠪᠢ ᠳᠡᠯᠡᠬᠡᠢ ᠳᠠᠶᠠᠭᠠᠷ ᠪᠣᠰᠬᠠᠭᠰᠠᠨ ᠢᠶᠠᠨ ᠨᠤᠷᠠᠭᠠᠬᠤ ᠭᠡᠵᠦ ᠪᠠᠢᠨ᠎ᠠ᠂ ᠲᠠᠷᠢᠭᠰᠠᠨ ᠢᠶᠠᠨ ᠲᠠᠰᠤᠳᠠᠬᠤ ᠭᠡᠵᠦ ᠪᠠᠢᠨ᠎ᠠ᠃ 5 ᠲᠡᠭᠡᠬᠦ ᠳᠦ ᠴᠢ ᠥᠪᠡᠷ ᠦᠨ ᠢᠶᠠᠨ ᠯᠠ ᠲᠥᠯᠥᠭᠡ ᠠᠭᠤᠤ ᠵᠦᠢᠯᠡᠰ ᠢ ᠬᠠᠢᠵᠤ ᠪᠠᠢᠨ᠎ᠠ ᠤᠤ︖ ᠪᠦᠦ ᠬᠠᠢ᠃ ᠤᠴᠢᠷ ᠨᠢ ᠪᠢ ᠮᠢᠬᠠᠨ ᠪᠡᠶᠡᠲᠦ ᠬᠠᠮᠤᠭ ᠬᠥᠮᠦᠨ ᠦ ᠳᠡᠭᠡᠷ᠎ᠡ ᠭᠠᠮᠰᠢᠭ ᠪᠠᠭᠤᠯᠭᠠᠬᠤ ᠭᠡᠵᠦ ᠪᠠᠢᠨ᠎ᠠ︕ ᠬᠠᠷᠢᠨ ᠪᠢ ᠴᠢᠮ᠎ᠠ ᠳᠤ ᠶᠠᠪᠤᠬᠤ ᠭᠠᠵᠠᠷ ᠪᠦᠷᠢ ᠲᠡᠭᠡᠨ ᠠᠮᠢ ᠪᠠᠨ ᠣᠯᠵᠠ ᠮᠡᠲᠦ ᠣᠯᠬᠤ ᠡᠷᠬᠡ ᠶᠢ ᠥᠭᠭᠥᠶ᠎ᠡ᠃ ᠶᠣᠬᠣᠸᠠ ᠠᠢᠯᠠᠳᠴᠤ ᠪᠠᠢᠨ᠎ᠠ〉 ᠭᠡᠭᠡᠷᠡᠢ》 ᠭᠡᠪᠡ᠃