1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠳᠥᠴᠢᠨ ᠵᠢᠷᠭᠤᠭ᠎ᠠ
 ᠶᠧᠵᠢᠫᠲ ᠤᠨ ᠲᠠᠯ᠎ᠠ ᠪᠠᠷ ᠬᠢ ᠡᠰᠢ ᠦᠵᠡᠭᠦᠯᠦᠯᠭᠡ

1 ᠦᠨᠳᠦᠰᠦᠲᠡᠨ ᠨᠦᠭᠦᠳ ᠦᠨ ᠲᠠᠯ᠎ᠠ ᠪᠠᠷ ᠡᠰᠢ ᠦᠵᠡᠭᠦᠯᠦᠭᠴᠢ ᠶᠧᠷᠧᠮᠢᠶ᠎ᠠ ᠳᠤ ᠶᠣᠬᠣᠸᠠ ᠠᠴᠠ ᠢᠷᠡᠭᠰᠡᠨ ᠦᠭᠡ᠄

2 ᠶᠧᠵᠢᠫᠲ ᠤᠨ ᠲᠤᠬᠠᠢ᠂ ᠲᠤᠬᠠᠢᠯᠠᠪᠠᠯ ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠶᠧᠬᠣᠢᠶᠠᠺᠢᠮ ᠤᠨ ᠳᠥᠷᠪᠡᠳᠦᠭᠡᠷ ᠣᠨ ᠳᠤ᠂ ᠡᠶᠦ᠋ᠹᠷᠠᠲ᠋ᠧᠰ ᠮᠥᠷᠡᠨ ᠦ ᠳᠡᠷᠭᠡᠳᠡᠬᠢ ᠺᠠᠷᠾᠧᠮᠢᠱ ᠲᠤ ᠪᠠᠪᠢᠯᠣᠨ ᠤ ᠬᠠᠭᠠᠨ ᠨᠧᠪᠦ᠋ᠺᠠᠨᠧᠽᠠᠷ ᠲᠤ ᠳᠡᠢᠯᠦᠭᠳᠡᠭᠰᠡᠨ ᠶᠧᠵᠢᠫᠲ ᠤᠨ ᠬᠠᠭᠠᠨ ᠹᠠᠷᠠᠣ᠋ ᠨᠧᠺᠣ ᠶᠢᠨ ᠴᠡᠷᠢᠭ ᠤᠨ ᠲᠤᠬᠠᠢ᠄
3 《ᠲᠣᠮᠣ ᠵᠢᠵᠢᠭ ᠪᠠᠮᠪᠠᠢ ᠪᠡᠯᠡᠳᠬᠡᠵᠦ ᠲᠤᠯᠤᠯᠳᠤᠭᠠᠨ ᠳᠤ ᠶᠠᠪᠤᠵᠠᠭ᠎ᠠ︕
4 ᠮᠣᠷᠢᠳ ᠢᠶᠠᠨ ᠡᠮᠡᠭᠡᠯᠯᠡᠨ ᠮᠣᠷᠢᠨ ᠳᠠᠭᠠᠨ ᠮᠣᠷᠳᠠᠵᠤ ᠳᠤᠭᠤᠯᠠᠭ᠎ᠠ ᠪᠠᠨ ᠡᠮᠦᠰᠦᠭᠡᠳ ᠵᠢᠭᠰᠠ︕ ᠵᠢᠳᠠ ᠪᠠᠨ ᠪᠢᠯᠡᠭᠦᠳᠡ᠂ ᠬᠤᠶᠠᠭ ᠢᠶᠠᠨ ᠡᠮᠦᠰ︕
5 ᠬᠠᠷᠢᠨ ᠪᠢ ᠶᠠᠭᠤ ᠬᠠᠷᠠᠪᠠ︖ ᠲᠡᠳᠡ ᠤᠷᠮ᠎ᠠ ᠬᠤᠭᠤᠷᠠᠨ ᠤᠬᠤᠷᠢᠵᠤ ᠪᠠᠢᠨ᠎ᠠ᠂ ᠬᠦᠴᠦᠲᠦ ᠡᠷᠡᠰ ᠨᠢ ᠢᠯᠠᠭᠳᠠᠵᠠᠢ᠂ ᠠᠶᠤᠯ ᠠᠢᠳᠠᠰ ᠲᠠᠯ᠎ᠠ ᠪᠦᠷᠢ ᠳᠤ ᠪᠠᠢᠭ᠎ᠠ ᠤᠴᠢᠷ ᠠᠴᠠ ᠲᠡᠳᠡ ᠠᠷᠤᠨᠰᠢ ᠪᠠᠨ ᠬᠠᠷᠠᠯ ᠦᠭᠡᠢ ᠪᠠᠷ ᠶᠠᠭᠠᠷᠠᠨ ᠵᠢᠭᠤᠲᠠᠵᠤ ᠪᠠᠢᠨ᠎ᠠ᠂》 ᠶᠣᠬᠣᠸᠠ ᠠᠢᠯᠠᠳᠴᠤ ᠪᠠᠢᠨ᠎ᠠ᠃
6 ᠬᠤᠷᠳᠤᠨ ᠬᠥᠮᠦᠨ ᠪᠦᠦ ᠵᠢᠭᠤᠲᠠᠭ ᠬᠦᠴᠦᠲᠦ ᠬᠥᠮᠦᠨ ᠴᠤ ᠪᠦᠦ ᠮᠤᠯᠲᠤᠷᠠᠭ ᠬᠣᠢᠲᠤ ᠵᠦᠭ ᠲᠦ᠂ ᠡᠶᠦ᠋ᠹᠷᠠᠲ᠋ᠧᠰ ᠮᠥᠷᠡᠨ ᠦ ᠳᠡᠷᠭᠡᠳᠡ ᠲᠡᠳᠡ ᠭᠤᠢᠪᠢᠨ ᠤᠨᠠᠵᠠᠢ᠃
7 ᠨᠢᠯ ᠮᠡᠲᠦ᠂ ᠤᠰᠤ ᠨᠢ ᠳᠡᠭᠡᠭᠰᠢᠯᠡᠵᠦ ᠪᠠᠢᠭ᠎ᠠ ᠭᠣᠣᠯ ᠮᠡᠲᠦ ᠮᠠᠨᠳᠤᠵᠤ ᠪᠠᠢᠭ᠎ᠠ ᠡᠨᠡ ᠬᠡᠨ ᠪᠤᠢ︖
8 ᠶᠧᠵᠢᠫᠲ ᠨᠢ ᠨᠢᠯ ᠮᠡᠲᠦ᠂ ᠤᠰᠤ ᠨᠢ ᠳᠡᠭᠡᠭᠰᠢᠯᠡᠵᠦ ᠪᠠᠢᠭ᠎ᠠ ᠭᠣᠣᠯ ᠮᠡᠲᠦ ᠮᠠᠨᠳᠤᠭᠰᠠᠭᠠᠷ ᠪᠠᠢᠨ᠎ᠠ ᠲᠡᠷᠡ ᠪᠡᠷ᠄ 《ᠪᠢ ᠮᠠᠨᠳᠤᠭᠰᠠᠭᠠᠷ ᠳᠡᠯᠡᠬᠡᠢ ᠶᠢ ᠪᠦᠷᠬᠦᠨ᠎ᠡ ᠪᠢ ᠬᠣᠲᠠ ᠨᠤᠭᠤᠳ ᠪᠣᠯᠣᠨ ᠰᠠᠭᠤᠭᠠᠯᠢᠴᠢᠳ ᠢ ᠨᠢ ᠰᠦᠢᠷᠡᠭᠦᠯᠦᠨ᠎ᠡ》 ᠭᠡᠬᠦ ᠶᠤᠮ᠃
9 ᠳᠠᠪᠬᠢ᠂ ᠮᠣᠷᠢᠳ ᠡ ᠲᠡᠪᠰᠢ᠂ ᠲᠡᠷᠭᠡ ᠨᠦᠭᠦᠳ ᠡ ᠬᠥᠳᠡᠯ᠂ ᠳᠠᠢᠴᠢᠳ ᠡ ᠶᠠᠪᠤ᠂ ᠪᠠᠮᠪᠠᠢ ᠪᠠᠷᠢᠭᠰᠠᠨ ᠺᠦᠱᠴᠦᠳ᠂ ᠫᠦᠲ᠋ᠴᠤᠳ ᠡ᠂ ᠨᠤᠮᠤ ᠬᠠᠷᠪᠤᠳᠠᠭ ᠯᠢᠳᠢᠴᠦᠳ ᠡ
10 ᠲᠡᠷᠡ ᠡᠳᠦᠷ ᠨᠢ ᠠᠤᠭ᠎ᠠ ᠬᠦᠴᠦᠲᠦ ᠶᠣᠬᠣᠸᠠ ᠡᠵᠡᠨ ᠦ ᠬᠢ ᠲᠡᠭᠦᠨ ᠦ ᠥᠰᠢᠶ᠎ᠡ ᠠᠪᠬᠤ᠂ ᠳᠠᠢᠰᠤᠨ ᠨᠤᠭᠤᠳ ᠠᠴᠠ ᠪᠠᠨ ᠥᠰᠢᠶ᠎ᠡ ᠠᠪᠬᠤ ᠡᠳᠦᠷ ᠪᠢᠯᠡ ᠰᠡᠯᠡᠮ᠎ᠡ ᠲᠡᠳᠡᠨ ᠢ ᠴᠠᠳᠲᠠᠯ᠎ᠠ ᠪᠠᠨ ᠵᠠᠯᠭᠢᠵᠤ᠂ ᠴᠢᠰᠤ ᠶᠢ ᠨᠢ ᠰᠣᠭᠲᠣᠲᠠᠯ᠎ᠠ ᠪᠠᠨ ᠤᠤᠭᠤᠨ᠎ᠠ᠂ ᠬᠣᠢᠲᠤ ᠨᠤᠲᠤᠭ ᠤᠨ ᠡᠶᠦ᠋ᠹᠷᠠᠲ᠋ᠧᠰ ᠮᠥᠷᠡᠨ ᠦ ᠳᠡᠷᠭᠡᠳᠡ ᠠᠤᠭ᠎ᠠ ᠬᠦᠴᠦᠲᠦ ᠡᠵᠡᠨ ᠶᠣᠬᠣᠸᠠ ᠶᠢᠨ ᠲᠠᠬᠢᠯ ᠪᠤᠢ᠃
11 ᠥᠬᠢᠨ ᠶᠧᠵᠢᠫᠲ ᠡ᠂ ᠭᠢᠯᠧᠶᠠᠳ᠋ ᠤᠷᠤᠭᠤ ᠣᠴᠢᠵᠤ᠂ ᠭᠠᠪᠤᠷ ᠣᠯᠵᠤ ᠠᠪ ᠣᠯᠠᠨ ᠡᠮ ᠬᠡᠷᠡᠭᠯᠡᠭᠰᠡᠨ ᠴᠤ ᠴᠢᠮ᠎ᠠ ᠳᠤ ᠨᠡᠮᠡᠷᠢ ᠪᠣᠯᠬᠤ ᠦᠭᠡᠢ᠂ ᠴᠢᠮᠠᠶᠢ ᠡᠳᠡᠭᠡᠭᠡᠬᠦ ᠦᠭᠡᠢ᠃
12 ᠴᠢᠨᠦ ᠢᠴᠢᠭᠦᠷᠢ ᠦᠨᠳᠦᠰᠦᠲᠡᠨ ᠨᠦᠭᠦᠳ ᠲᠦ ᠰᠣᠨᠣᠰᠲᠠᠯ᠎ᠠ ᠴᠢᠨᠦ ᠣᠷᠢᠯᠠᠭᠠᠨ ᠭᠠᠵᠠᠷ ᠳᠡᠯᠡᠬᠡᠢ ᠶᠢ ᠳᠦᠭᠦᠷᠭᠡᠪᠡ ᠴᠢᠨᠦ ᠳᠠᠢᠴᠢᠨ ᠨᠢᠭᠡ ᠨᠢ ᠨᠥᠭᠥᠭᠡ ᠳᠡᠭᠡᠨ ᠪᠦᠳᠦᠷᠢᠵᠦ᠂ ᠬᠣᠶᠠᠭᠤᠯᠠ ᠪᠠᠨ ᠤᠨᠠᠵᠠᠢ᠃
13 ᠪᠠᠪᠢᠯᠣᠨ ᠤ ᠬᠠᠭᠠᠨ ᠨᠧᠪᠦ᠋ᠺᠠᠨᠧᠽᠠᠷ ᠶᠧᠵᠢᠫᠲ ᠢ ᠳᠣᠪᠲᠣᠯᠬᠤ ᠪᠠᠷ ᠢᠷᠡᠬᠦ ᠲᠤᠬᠠᠢ ᠡᠰᠢ ᠦᠵᠡᠭᠦᠯᠦᠭᠴᠢ ᠶᠧᠷᠧᠮᠢᠶ᠎ᠠ ᠳᠤ ᠶᠣᠬᠣᠸᠠ ᠶᠢᠨ ᠠᠢᠯᠠᠳᠤᠭᠰᠠᠨ ᠦᠭᠡ᠄
14 ᠶᠧᠵᠢᠫᠲ ᠲᠤ ᠮᠡᠳᠡᠭᠦᠯ᠂ ᠮᠢᠭᠳᠣᠯ ᠳᠤ ᠰᠣᠨᠣᠰᠬ᠎ᠠ ᠮᠥᠨ ᠮᠧᠮᠹᠢᠰ ᠪᠣᠯᠣᠨ ᠲᠠᠬᠫᠠᠨᠬᠧᠰ ᠲᠤ ᠰᠣᠨᠣᠰᠬ᠎ᠠ᠄ 《ᠪᠠᠢᠷᠢᠨ ᠳᠠᠭᠠᠨ ᠵᠣᠭᠰᠣᠵᠤ᠂ ᠪᠡᠯᠡᠨ ᠪᠠᠢᠵᠠᠭ᠎ᠠ ᠰᠡᠯᠡᠮ᠎ᠡ ᠡᠷᠭᠢᠨ ᠲᠣᠭᠣᠷᠢᠨ ᠢ ᠴᠢᠨᠢ ᠵᠠᠯᠭᠢᠨ᠎ᠠ》 ᠭᠡᠵᠦ ᠬᠡᠯᠡ᠃
15 ᠶᠠᠭᠠᠬᠢᠭᠠᠳ ᠳᠠᠢᠴᠢᠳ ᠴᠢᠨᠢ ᠤᠨᠠᠪᠠ︖ ᠶᠣᠬᠣᠸᠠ ᠲᠦᠯᠬᠢᠨ ᠤᠨᠠᠭᠠᠭᠰᠠᠨ ᠲᠤᠯᠠ ᠲᠡᠳᠡ ᠥᠨᠳᠡᠢᠬᠦ ᠦᠭᠡᠢ᠃
16 ᠲᠡᠷᠡ ᠪᠡᠷ ᠣᠯᠠᠨ ᠢ ᠪᠦᠳᠦᠷᠢᠭᠦᠯᠦᠭᠰᠡᠨ ᠦᠨᠡᠬᠡᠷ ᠨᠢᠭᠡ ᠨᠢ ᠨᠥᠭᠥᠭᠡ ᠶᠢᠨ ᠬᠢ ᠪᠠᠨ ᠳᠡᠭᠡᠷ᠎ᠡ ᠤᠨᠠᠪᠠ᠂ ᠲᠡᠳᠡ᠄ 《ᠬᠥᠶᠶ︕ ᠰᠦᠢᠳᠬᠡᠭᠴᠢ ᠢᠯᠳᠦᠨ ᠡᠴᠡ ᠪᠢᠳᠡ ᠵᠠᠢᠯᠠᠵᠤ ᠠᠷᠠᠳ ᠲᠦᠮᠡᠨ᠂ ᠲᠥᠷᠥᠭᠰᠡᠨ ᠨᠤᠲᠤᠭ ᠤᠷᠤᠭᠤ ᠪᠠᠨ ᠪᠤᠴᠠᠵᠠᠭᠠᠶ᠎ᠠ》 ᠭᠡᠬᠦ ᠪᠣᠯᠣᠨ᠎ᠠ᠃
17 ᠶᠧᠵᠢᠫᠲ ᠤᠨ ᠬᠠᠭᠠᠨ ᠹᠠᠷᠠᠣ᠋ ᠶᠢ 《ᠪᠣᠯᠣᠮᠵᠢ ᠶᠢ ᠠᠯᠳᠠᠭᠰᠠᠨ ᠬᠣᠭᠣᠰᠣᠨ ᠠᠮᠠ︕》 ᠭᠡᠵᠦ ᠨᠡᠷᠡᠯᠡ᠃
18 ᠠᠤᠭ᠎ᠠ ᠬᠦᠴᠦᠲᠦ ᠶᠣᠬᠣᠸᠠ ᠭᠡᠭᠳᠡᠳᠡᠭ ᠬᠠᠭᠠᠨ ᠠᠢᠯᠠᠳᠴᠤ ᠪᠠᠢᠨ᠎ᠠ᠄ 《ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠠᠭᠤᠯᠠᠰ ᠤᠨ ᠳᠤᠮᠳᠠᠬᠢ ᠲᠠᠪᠣᠷ ᠲᠠᠩᠭᠢᠰ ᠤᠨ ᠳᠡᠷᠭᠡᠳᠡᠬᠢ ᠺᠠᠷᠮᠧᠯ ᠲᠠᠢ ᠠᠳᠠᠯᠢ ᠨᠢᠭᠡᠨ ᠢᠷᠡᠨ᠎ᠡ᠃
19 ᠶᠧᠵᠢᠫᠲ ᠤᠨ ᠰᠠᠭᠤᠭᠠᠯᠢᠴᠢᠳ ᠡ᠂ ᠠᠴᠢᠶ᠎ᠠ ᠲᠡᠭᠡᠭᠡᠰᠢ ᠪᠠᠨ ᠴᠥᠯᠡᠯᠭᠡ ᠳᠦ ᠪᠡᠯᠡᠳ ᠮᠧᠮᠹᠢᠰ ᠰᠠᠭᠤᠬᠤ ᠬᠥᠮᠦᠨ ᠦᠭᠡᠢ ᠡᠵᠡᠭᠦᠢ ᠪᠠᠯᠭᠠᠰᠤ ᠪᠣᠯᠣᠨ᠎ᠠ
20 ᠶᠧᠵᠢᠫᠲ ᠪᠣᠯ ᠰᠠᠢᠬᠠᠨ ᠥᠬᠢᠨ ᠪᠢᠷᠠᠭᠤ ᠬᠠᠷᠢᠨ ᠲᠡᠭᠦᠨ ᠤᠷᠤᠭᠤ ᠰᠢᠮᠠᠭᠤᠯ ᠢᠷᠡᠵᠦ ᠪᠠᠢᠨ᠎ᠠ ᠬᠣᠢᠲᠤ ᠵᠦᠭ ᠡᠴᠡ ᠢᠷᠡᠵᠦ ᠪᠠᠢᠨ᠎ᠠ︕
21 ᠶᠧᠵᠢᠫᠲ ᠤᠨ ᠬᠥᠯᠥᠰᠥᠯᠡᠭᠰᠡᠨ ᠴᠡᠷᠢᠭ ᠤᠳ ᠬᠠᠰᠢᠶᠠᠨ ᠳᠠᠬᠢ ᠲᠤᠭᠤᠯ ᠤᠳ ᠮᠡᠲᠦ ᠪᠣᠯᠵᠤ ᠰᠦᠢᠷᠡᠯ ᠦᠨ ᠡᠳᠦᠷ᠂ ᠰᠢᠳᠬᠡᠯ ᠦᠨ ᠴᠠᠭ ᠢᠷᠡᠬᠦ ᠳᠦ ᠵᠣᠭᠰᠣᠬᠤ ᠴᠤ ᠦᠭᠡᠢ ᠡᠷᠭᠢᠨ ᠵᠢᠭᠤᠲᠠᠨ᠎ᠠ
22 ᠮᠣᠳᠣ ᠴᠠᠪᠴᠢᠭᠴᠢ ᠮᠡᠲᠦ ᠰᠦᠬᠡ ᠪᠠᠷᠢᠭᠰᠠᠨ ᠴᠡᠷᠢᠭ ᠤᠳ ᠢᠷᠡᠬᠦ ᠳᠦ ᠮᠣᠭᠠᠢ ᠮᠡᠲᠦ ᠱᠠᠷᠴᠢᠭᠢᠨᠠᠵᠤ ᠶᠧᠵᠢᠫᠲ᠋ᠴᠦᠳ ᠵᠢᠭᠤᠲᠠᠨ᠎ᠠ᠃

23 ᠴᠠᠪᠴᠢᠭᠴᠢᠳ ᠲᠣᠭᠠᠯᠠᠰᠢ ᠦᠭᠡᠢ᠂ ᠴᠠᠷᠴᠠᠬᠠᠢ ᠠᠴᠠ ᠣᠯᠠᠨ ᠪᠣᠯᠬᠣᠷ ᠶᠧᠵᠢᠫᠲ ᠤᠨ ᠪᠢᠲᠡᠭᠦᠦ ᠣᠢ ᠮᠣᠳᠣ ᠶᠢ ᠴᠤ ᠴᠠᠪᠴᠢᠨ᠎ᠠ᠂》 ᠶᠣᠬᠣᠸᠠ ᠠᠢᠯᠠᠳᠴᠤ ᠪᠠᠢᠨ᠎ᠠ᠃
24 ᠥᠬᠢᠨ ᠶᠧᠵᠢᠫᠲ ᠢᠴᠢᠭᠦᠷᠢ ᠳᠤ ᠣᠷᠣᠵᠤ᠂ ᠤᠮᠠᠷᠠᠲᠤ ᠵᠦᠭ ᠦᠨ ᠦᠨᠳᠦᠰᠦᠲᠡᠨ ᠦ ᠭᠠᠷ ᠲᠤ ᠲᠤᠰᠢᠶᠠᠭᠳᠠᠨ᠎ᠠ᠃

25 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠠᠢᠯᠠᠳᠴᠤ ᠪᠠᠢᠨ᠎ᠠ᠄ 《ᠬᠠᠷᠠ᠂ ᠪᠢ ᠲᠧᠪᠧᠱ ᠤᠨ ᠠᠮᠣᠨ᠂ ᠹᠠᠷᠠᠣ᠋᠂ ᠶᠧᠵᠢᠫᠲ ᠢ ᠪᠤᠷᠬᠠᠳ ᠪᠣᠯᠣᠨ ᠬᠠᠭᠠᠳ ᠲᠠᠢ ᠨᠢ ᠬᠠᠮᠲᠤ᠂ ᠮᠥᠨ ᠹᠠᠷᠠᠣ᠋ ᠶᠢ ᠲᠡᠭᠦᠨ ᠳᠦ ᠨᠠᠢᠳᠠᠳᠠᠭ ᠬᠥᠮᠦᠰ ᠦᠨ ᠬᠢᠨᠢ ᠬᠠᠮᠲᠤ ᠰᠢᠳᠬᠡᠬᠦ ᠭᠡᠵᠦ ᠪᠠᠢᠨ᠎ᠠ᠃ 26 ᠪᠢ ᠲᠡᠳᠡᠨ ᠢ ᠥᠪᠡᠷᠰᠡᠳ ᠦᠨ ᠬᠢᠨᠢ ᠠᠮᠢ ᠶᠢ ᠡᠷᠢᠭ᠍ᠴᠢ ᠬᠥᠮᠦᠰ᠂ ᠪᠠᠪᠢᠯᠣᠨ ᠤ ᠬᠠᠭᠠᠨ ᠨᠧᠪᠦ᠋ᠺᠠᠨᠧᠽᠠᠷ ᠪᠣᠯᠣᠨ ᠲᠡᠭᠦᠨ ᠦ ᠲᠦᠰᠢᠮᠡᠳ ᠦᠨ ᠭᠠᠷ ᠲᠤ ᠲᠤᠰᠢᠶᠠᠨ᠎ᠠ᠃ ᠬᠠᠷᠢᠨ ᠬᠣᠵᠢᠮ ᠨᠢ ᠶᠧᠵᠢᠫᠲ ᠤᠤᠯ ᠤᠨ ᠬᠢ ᠰᠢᠭ᠋ ᠢᠶᠠᠨ ᠰᠠᠭᠤᠭᠠᠯᠢᠴᠢᠳ ᠲᠠᠢ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃
27 ᠬᠠᠷᠢᠨ ᠴᠢ ᠪᠦᠦ ᠠᠶᠤ᠂ ᠮᠢᠨᠦ ᠵᠠᠷᠤᠴᠠ ᠶᠠᠺᠣᠪ ᠡ ᠪᠦᠦ ᠭᠤᠲᠤᠷᠠ᠂ ᠢᠰᠷᠧᠯ ᠡ ᠬᠠᠷᠠ᠂ ᠪᠢ ᠯᠠᠪᠲᠠᠢ ᠴᠢᠮᠠᠶᠢ ᠬᠣᠯᠠ ᠠᠴᠠ ᠦᠷ᠎ᠡ ᠤᠳᠤᠮ ᠢ ᠴᠢᠨᠢ ᠴᠥᠯᠡᠭᠳᠡᠭᠰᠡᠨ ᠭᠠᠵᠠᠷ ᠠᠴᠠ ᠠᠪᠤᠷᠠᠨ᠎ᠠ ᠶᠠᠺᠣᠪ ᠪᠤᠴᠠᠨ ᠢᠷᠡᠵᠦ᠂ ᠠᠶᠤᠯ ᠦᠭᠡᠢ ᠲᠠᠢᠪᠤᠩ ᠠᠮᠠᠷᠠᠨ᠎ᠠ ᠬᠡᠨ ᠴᠤ ᠲᠡᠭᠦᠨ ᠢ ᠠᠶᠤᠯᠭᠠᠬᠤ ᠦᠭᠡᠢ᠃
28 ᠶᠣᠬᠣᠸᠠ ᠠᠢᠯᠠᠳᠴᠤ ᠪᠠᠢᠨ᠎ᠠ᠃ ᠮᠢᠨᠦ ᠵᠠᠷᠤᠴᠠ ᠶᠠᠺᠣᠪ ᠡ᠂ ᠪᠢ ᠴᠢᠮ᠎ᠠ ᠲᠠᠢ ᠬᠠᠮᠲᠤ ᠪᠠᠢᠨ᠎ᠠ᠂ ᠪᠦᠦ ᠠᠶᠤ ᠪᠢ ᠴᠢᠮᠠᠶᠢ ᠦᠨᠳᠦᠰᠦᠲᠡᠨ ᠨᠦᠭᠦᠳ ᠦᠨ ᠳᠤᠮᠳᠠ ᠪᠤᠲᠠᠷᠠᠭᠠᠭᠰᠠᠨ᠂ ᠬᠠᠷᠢᠨ ᠪᠢ ᠲᠡᠳᠡᠨ ᠢ ᠡᠴᠦᠰᠯᠡᠭᠦᠯᠦᠨ᠎ᠡ ᠴᠢᠮᠠᠶᠢ ᠡᠴᠦᠰᠯᠡᠭᠦᠯᠬᠦ ᠦᠭᠡᠢ ᠭᠡᠪᠡᠴᠦ ᠪᠢ ᠴᠢᠮᠠᠶᠢ ᠰᠢᠳᠤᠷᠭᠤ ᠪᠠᠷ ᠭᠡᠰᠬᠡᠭᠡᠨ᠎ᠡ᠂ ᠬᠡᠷᠬᠢᠪᠡᠴᠦ ᠬᠡᠯᠲᠦᠷᠢᠭᠦᠯᠬᠦ ᠦᠭᠡᠢ᠃