ᠶᠧᠷᠧᠮᠢᠶ᠎ᠠ ᠭᠤᠴᠢᠨ ᠬᠣᠶᠠᠷ
ᠰᠡᠷᠭᠦᠯᠲᠡ ᠶᠢᠨ ᠪᠠᠲᠤᠯᠠᠭ᠎ᠠ
1 ᠶᠦᠳᠠ ᠶᠢᠨ ᠬᠠᠭᠠᠨ ᠽᠧᠳᠧᠺᠢᠶ᠎ᠠ ᠶᠢᠨ ᠠᠷᠪᠠᠳᠠᠬᠢ ᠵᠢᠯ᠂ ᠨᠧᠪᠦ᠋ᠺᠠᠨᠧᠽᠠᠷ ᠤᠨ ᠠᠷᠪᠠᠨ ᠨᠠᠢ᠌ᠮᠠᠳᠠᠬᠢ ᠵᠢᠯ ᠳᠤ᠂ ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠃ 2 ᠲᠡᠷᠡ ᠦᠶ᠎ᠡ ᠳᠦ ᠪᠠᠪᠢᠯᠣᠨ ᠤ ᠬᠠᠭᠠᠨ ᠤ ᠴᠡᠷᠢᠭ ᠶᠧᠷᠦ᠋ᠰᠠᠯᠧᠮ ᠢ ᠪᠦᠰᠡᠯᠡᠵᠦ ᠪᠠᠢᠭᠰᠠᠨ ᠪᠥᠭᠡᠳ ᠡᠰᠢ ᠦᠵᠡᠭᠦᠯᠦᠭᠴᠢ ᠶᠧᠷᠧᠮᠢᠶ᠎ᠠ ᠶᠦᠳᠠ ᠶᠢᠨ ᠬᠠᠭᠠᠨ ᠤ ᠣᠷᠳᠣᠨ ᠳᠠᠬᠢ ᠬᠠᠷᠠᠭᠤᠯ ᠤᠨ ᠬᠠᠰᠢᠶᠠᠨ ᠳᠤ ᠬᠣᠷᠢᠭᠳᠠᠭᠰᠠᠨ ᠪᠠᠢᠯ᠎ᠠ᠃ 3 ᠶᠦᠳᠠ ᠶᠢᠨ ᠬᠠᠭᠠᠨ ᠽᠧᠳᠧᠺᠢᠶ᠎ᠠ᠄ 《ᠴᠢ ᠶᠠᠭᠤᠨ ᠳᠤ ᠲᠡᠭᠡᠵᠦ ᠡᠰᠢ ᠦᠵᠡᠭᠦᠯᠪᠡ︖》 ᠭᠡᠳ ᠶᠧᠷᠧᠮᠢᠶ᠎ᠠ ᠶᠢ ᠬᠣᠷᠢᠵᠠᠢ᠃ ᠤᠴᠢᠷ ᠨᠢ ᠶᠧᠷᠧᠮᠢᠶ᠎ᠠ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠡᠨᠡ ᠬᠣᠲᠠ ᠶᠢ ᠪᠠᠪᠢᠯᠣᠨ ᠤ ᠬᠠᠭᠠᠨ ᠤ ᠭᠠᠷ ᠲᠤ ᠲᠤᠰᠢᠶᠠᠵᠤ᠂ ᠲᠡᠷᠡ ᠲᠡᠭᠦᠨ ᠢ ᠡᠵᠡᠯᠡᠨ᠎ᠡ᠃ 4 ᠶᠦᠳᠠ ᠶᠢᠨ ᠬᠠᠭᠠᠨ ᠽᠧᠳᠧᠺᠢᠶ᠎ᠠ ᠪᠠᠪᠢᠯᠣᠨᠴᠤᠳ ᠤᠨ ᠭᠠᠷ ᠠᠴᠠ ᠮᠤᠯᠲᠤᠷᠠᠬᠤ ᠦᠭᠡᠢ᠂ ᠯᠠᠪᠲᠠᠢ ᠪᠠᠪᠢᠯᠣᠨ ᠤ ᠬᠠᠭᠠᠨ ᠤ ᠭᠠᠷ ᠲᠤ ᠲᠤᠰᠢᠶᠠᠭᠳᠠᠵᠤ᠂ ᠲᠡᠭᠦᠨ ᠲᠡᠢ ᠨᠢᠭᠤᠷ ᠨᠢᠭᠤᠷ ᠢᠶᠠᠨ᠂ ᠨᠢᠳᠦ ᠨᠢᠳᠦ ᠪᠡᠨ ᠬᠠᠷᠠᠵᠤ ᠶᠠᠷᠢᠯᠴᠠᠨ᠎ᠠ᠃ 5 ᠲᠡᠷᠡ ᠪᠡᠷ ᠽᠧᠳᠧᠺᠢᠶ᠎ᠠ ᠶᠢ ᠪᠠᠪᠢᠯᠣᠨ ᠤᠷᠤᠭᠤ ᠠᠪᠠᠴᠢᠬᠤ ᠪᠥᠭᠡᠳ ᠪᠢ ᠲᠡᠭᠦᠨ ᠤᠷᠤᠭᠤ ᠣᠴᠢᠲᠠᠯ᠎ᠠ ᠽᠧᠳᠧᠺᠢᠶ᠎ᠠ ᠲᠡᠨᠳᠡ ᠪᠠᠢᠬᠤ ᠪᠣᠯᠣᠨ᠎ᠠ᠃ ᠶᠣᠬᠣᠸᠠ ᠠᠢᠯᠠᠳᠴᠤ ᠪᠠᠢᠨ᠎ᠠ᠃ ᠲᠠ ᠨᠠᠷ ᠪᠠᠪᠢᠯᠣᠨᠴᠤᠳ ᠲᠠᠢ ᠲᠤᠯᠤᠯᠳᠤᠭᠰᠠᠨ ᠴᠤ ᠳᠡᠢᠯᠬᠦ ᠦᠭᠡᠢ〉》 ᠭᠡᠵᠡᠢ᠃
6 ᠶᠧᠷᠧᠮᠢᠶ᠎ᠠ ᠳᠠᠷᠠᠭᠠᠬᠢ ᠦᠭᠡᠰ ᠢ ᠬᠡᠯᠡᠪᠡ᠃ ᠶᠣᠬᠣᠸᠠ ᠶᠢᠨ ᠦᠭᠡ ᠨᠠᠳᠠ ᠳᠤ ᠢᠷᠡᠵᠦ᠄ 7 《ᠬᠠᠷ᠎ᠠ᠂ ᠴᠢᠨᠦ ᠠᠪᠠᠭ᠎ᠠ ᠱᠠᠯᠦ᠋ᠮ ᠤᠨ ᠬᠦᠦ ᠬᠠᠨᠠᠮᠧᠯ ᠴᠢᠮ᠎ᠠ ᠤᠷᠤᠭᠤ ᠢᠷᠡᠵᠦ ᠪᠠᠢᠨ᠎ᠠ᠃ ᠲᠡᠷᠡ ᠴᠢᠮ᠎ᠠ ᠳᠤ᠄ 〈ᠠᠨᠠᠲ᠋ᠣᠲ ᠳᠠᠬᠢ ᠮᠢᠨᠦ ᠲᠠᠯᠠᠪᠠᠢ ᠶᠢ ᠬᠤᠳᠠᠯᠳᠤᠨ ᠠᠪ᠃ ᠴᠢ ᠣᠢᠷ᠎ᠠ ᠶᠢᠨ ᠲᠥᠷᠥᠯ ᠤᠴᠢᠷ ᠲᠡᠭᠦᠨ ᠢ ᠵᠣᠯᠢᠨ ᠠᠪᠬᠤ ᠡᠷᠬᠡ ᠪᠠ ᠡᠭᠦᠷᠭᠡ ᠲᠠᠢ〉 ᠭᠡᠵᠦ ᠬᠡᠯᠡᠬᠦ ᠪᠣᠯᠣᠨ᠎ᠠ》 ᠭᠡᠪᠡ᠃ 8 ᠲᠡᠭᠡᠲᠡᠯ᠎ᠡ ᠶᠣᠬᠣᠸᠠ ᠶᠢᠨ ᠠᠢᠯᠠᠳᠤᠭᠰᠠᠨ ᠶᠣᠰᠣᠭᠠᠷ ᠠᠪᠠᠭ᠎ᠠ ᠶᠢᠨ ᠮᠢᠨᠢ ᠬᠦᠦ ᠬᠠᠨᠠᠮᠧᠯ ᠬᠠᠷᠠᠭᠤᠯ ᠤᠨ ᠬᠦᠷᠢᠶᠡᠨ ᠳᠦ ᠨᠠᠳᠠ ᠤᠷᠤᠭᠤ ᠢᠷᠡᠵᠦ᠄ 《ᠪᠢᠨᠶᠠᠮᠢᠨ ᠨᠤᠲᠤᠭ ᠤᠨ ᠠᠨᠠᠲ᠋ᠣᠲ ᠲᠤ ᠪᠠᠢᠭ᠎ᠠ ᠮᠢᠨᠦ ᠲᠠᠯᠠᠪᠠᠢ ᠶᠢ ᠴᠢ ᠬᠤᠳᠠᠯᠳᠤᠨ ᠠᠪ᠃ ᠴᠢ ᠵᠣᠯᠢᠨ ᠠᠪᠴᠤ᠂ ᠡᠵᠡᠮᠰᠢᠬᠦ ᠡᠷᠬᠡ ᠲᠠᠢ ᠪᠣᠯᠬᠣᠷ ᠲᠡᠭᠦᠨ ᠢ ᠬᠤᠳᠠᠯᠳᠤᠵᠤ ᠠᠪ》 ᠭᠡᠵᠡᠢ᠃ ᠲᠡᠭᠡᠬᠦ ᠳᠦ ᠪᠢ ᠡᠭᠦᠨ ᠢ ᠶᠣᠬᠣᠸᠠ ᠶᠢᠨ ᠲᠤᠰᠢᠶᠠᠯ ᠮᠥᠨ ᠭᠡᠵᠦ ᠮᠡᠳᠡᠪᠡ᠃
9 ᠡᠢᠮᠦ ᠡᠴᠡ ᠪᠢ ᠠᠪᠠᠭ᠎ᠠ ᠶᠢᠨ ᠢᠶᠠᠨ ᠬᠦᠦ ᠬᠠᠨᠠᠮᠧᠯ ᠡᠴᠡ ᠠᠨᠠᠲ᠋ᠣᠲ ᠳᠠᠬᠢ ᠲᠠᠯᠠᠪᠠᠢ ᠶᠢ ᠬᠤᠳᠠᠯᠳᠤᠨ ᠠᠪᠴᠤ᠂ ᠲᠡᠭᠦᠨ ᠳᠦ ᠠᠷᠪᠠᠨ ᠳᠣᠯᠣᠭᠠᠨ ᠱᠧᠺᠧᠯ 14 ᠮᠥᠩᠭᠥ ᠬᠡᠮᠵᠢᠵᠦ ᠥᠭᠪᠡ᠃ 10 ᠪᠢ ᠭᠠᠷ ᠤᠨ ᠦᠰᠦᠭ ᠢᠶᠡᠨ ᠵᠢᠷᠤᠵᠤ᠂ ᠪᠠᠷᠢᠮᠲᠠ ᠪᠢᠴᠢᠭ ᠢ ᠪᠢᠲᠡᠭᠦᠮᠵᠢᠯᠡᠨ᠂ ᠭᠡᠷᠡᠴᠢ ᠨᠦᠭᠦᠳ ᠢ ᠳᠠᠭᠤᠳᠠᠨ᠂ ᠮᠥᠩᠭᠥ ᠶᠢ ᠵᠢᠩ ᠳᠡᠭᠡᠷ᠎ᠡ ᠬᠡᠮᠵᠢᠵᠦ ᠥᠭᠪᠡ᠃ 11 ᠲᠡᠭᠡᠭᠡᠳ ᠪᠢ ᠨᠥᠬᠥᠴᠡᠯ ᠪᠣᠯᠵᠣᠯ ᠤᠨ ᠪᠢᠲᠡᠭᠦᠮᠵᠢᠯᠡᠭᠳᠡᠭᠰᠡᠨ ᠪᠠᠷᠢᠮᠲᠠ ᠶᠢ ᠪᠢᠲᠡᠭᠦᠮᠵᠢᠯᠡᠭᠳᠡᠭᠡ ᠦᠭᠡᠢ ᠪᠠᠷᠢᠮᠲᠠ ᠲᠠᠢ ᠬᠠᠮᠲᠤ ᠬᠦᠯᠢᠶᠡᠨ ᠠᠪᠴᠤ᠂ 12 ᠠᠪᠠᠭ᠎ᠠ ᠶᠢᠨ ᠢᠶᠠᠨ ᠬᠦᠦ ᠬᠠᠨᠠᠮᠧᠯ ᠤᠨ ᠨᠢᠳᠦᠨ ᠳᠡᠭᠡᠷ᠎ᠡ᠂ ᠮᠥᠨ ᠬᠤᠳᠠᠯᠳᠤᠭᠠᠨ ᠤ ᠪᠠᠷᠢᠮᠲᠠ ᠳᠤ ᠭᠠᠷ ᠤᠨ ᠦᠰᠦᠭ ᠢᠶᠡᠨ ᠵᠢᠷᠤᠭᠰᠠᠨ ᠭᠡᠷᠡᠴᠢ ᠨᠦᠭᠦᠳ᠂ ᠬᠠᠷᠠᠭᠤᠯ ᠤᠨ ᠬᠦᠷᠢᠶᠡᠨ ᠳᠦ ᠰᠠᠭᠤᠵᠤ ᠪᠠᠢᠭ᠎ᠠ ᠪᠦᠬᠦ ᠶᠦᠳᠠᠢᠴᠤᠳ ᠤᠨ ᠡᠮᠦᠨ᠎ᠡ ᠬᠤᠳᠠᠯᠳᠤᠭᠠᠨ ᠤ ᠪᠠᠷᠢᠮᠲᠠ ᠶᠢ ᠮᠠᠺᠰᠧᠶᠠ ᠶᠢᠨ ᠠᠴᠢ᠂ ᠨᠧᠷᠢᠶ᠎ᠠ ᠶᠢᠨ ᠬᠦᠦ ᠪᠠᠷᠦ᠋ᠺ ᠲᠤ ᠥᠭᠪᠡ᠃ 13 ᠲᠡᠳᠡᠨ ᠦ ᠡᠮᠦᠨ᠎ᠡ ᠪᠢ ᠪᠠᠷᠦ᠋ᠺ ᠲᠤ ᠲᠤᠰᠢᠶᠠᠨ᠄ 14 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠴᠢ ᠡᠨᠡ ᠪᠠᠷᠢᠮᠲᠠ ᠶᠢᠨ ᠪᠢᠲᠡᠭᠦᠮᠵᠢᠯᠡᠭᠳᠡᠭᠰᠡᠨ ᠬᠤᠪᠢ ᠶᠢ ᠪᠢᠲᠡᠭᠦᠮᠵᠢᠯᠡᠭᠳᠡᠭᠡ ᠦᠭᠡᠢ ᠬᠤᠪᠢ ᠲᠠᠢ ᠬᠠᠮᠲᠤ ᠰᠢᠪᠠᠷ ᠸᠠᠭᠠᠷ ᠲᠤ ᠬᠢᠵᠦ᠂ ᠤᠷᠲᠤ ᠬᠤᠭᠤᠴᠠᠭ᠎ᠠ ᠪᠠᠷ ᠬᠠᠳᠠᠭᠠᠯᠠ᠂〉 15 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠡᠨᠡ ᠨᠤᠲᠤᠭ ᠲᠤ ᠭᠡᠷ᠂ ᠲᠠᠷᠢᠶᠠᠨ ᠲᠠᠯᠠᠪᠠᠢ ᠪᠣᠯᠣᠨ ᠦᠵᠦᠮ ᠦᠨ ᠲᠠᠯᠠᠪᠠᠢ ᠶᠢ ᠳᠠᠬᠢᠨ ᠬᠤᠳᠠᠯᠳᠤᠭᠠᠯᠠᠬᠤ ᠪᠣᠯᠣᠨ᠎ᠠ〉 ᠭᠡᠪᠡ᠃》
16 ᠬᠤᠳᠠᠯᠳᠤᠭᠠᠨ ᠤ ᠪᠠᠷᠢᠮᠲᠠ ᠶᠢ ᠨᠧᠷᠢᠶ᠎ᠠ ᠶᠢᠨ ᠬᠦᠦ ᠪᠠᠷᠦ᠋ᠺ ᠲᠤ ᠥᠭᠭᠥᠭᠰᠡᠨ ᠦ ᠳᠠᠷᠠᠭ᠎ᠠ᠂ ᠪᠢ ᠶᠣᠬᠣᠸᠠ ᠳᠤ ᠳᠠᠭᠠᠳᠬᠠᠨ᠄ 17 《ᠥ᠂ ᠡᠵᠡᠨ ᠶᠣᠬᠣᠸᠠ︕ ᠲᠠ ᠠᠤᠭ᠎ᠠ ᠬᠦᠴᠦᠲᠦ ᠰᠤᠩ᠋ᠭᠠᠭᠰᠠᠨ ᠮᠤᠲᠤᠷ ᠢᠶᠠᠷ ᠢᠶᠠᠨ ᠲᠩᠷᠢ ᠭᠠᠵᠠᠷ ᠢ ᠪᠦᠲᠦᠭᠡᠭᠰᠡᠨ ᠪᠢᠯᠡ᠃ ᠲᠠᠨ ᠳᠤ ᠪᠡᠷᠬᠡ ᠵᠦᠢᠯ ᠭᠡᠵᠦ ᠦᠭᠡᠢ᠃ 18 ᠮᠢᠩ᠋ᠭ᠎ᠠ ᠮᠢᠩ᠋ᠭᠠᠨ ᠬᠥᠮᠦᠨ ᠳᠦ ᠲᠠ ᠬᠠᠢᠷ᠎ᠠ ᠡᠨᠡᠷᠢᠯ ᠢᠶᠠᠨ ᠦᠵᠡᠭᠦᠯᠳᠡᠭ ᠪᠣᠯᠪᠠᠴᠤ ᠡᠴᠢᠭᠡ ᠡᠪᠦᠭᠡᠳ ᠦᠨ ᠬᠢᠨᠢ ᠨᠢᠭᠦᠯ ᠦᠨ ᠦᠷ᠎ᠡ ᠲᠠᠭᠠᠪᠤᠷᠢ ᠶᠢ ᠦᠷ᠎ᠡ ᠬᠣᠢᠴᠢ ᠶᠢᠨ ᠬᠢᠨᠢ ᠡᠪᠦᠷ ᠲᠦ ᠠᠪᠴᠢᠷᠠᠳᠠᠭ᠃ ᠠᠤᠭ᠎ᠠ ᠬᠦᠴᠦᠲᠦ ᠪᠤᠷᠬᠠᠨ ᠡ︕ ᠲᠠᠨ ᠤ ᠨᠡᠷ᠎ᠡ ᠪᠣᠯ ᠠᠤᠭ᠎ᠠ ᠬᠦᠴᠦᠲᠦ ᠶᠣᠬᠣᠸᠠ ᠪᠢᠯᠡ᠃ 19 ᠲᠠᠨ ᠤ ᠵᠥᠪᠯᠡᠯᠭᠡ ᠠᠭᠤᠤ᠂ ᠲᠠᠨ ᠤ ᠦᠢᠯᠡᠰ ᠬᠦᠴᠦᠲᠡᠢ᠂ ᠲᠠᠨ ᠤ ᠮᠡᠯᠮᠡᠢ ᠬᠥᠮᠦᠨ ᠦ ᠬᠥᠪᠡᠭᠦᠳ ᠦᠨ ᠪᠦᠬᠦ ᠵᠠᠮ ᠢ ᠠᠩ᠋ᠬᠠᠷᠴᠤ᠂ ᠲᠠ ᠬᠥᠮᠦᠨ ᠪᠦᠷᠢ ᠶᠢᠨ ᠵᠠᠮ ᠮᠥᠷ ᠦᠨ ᠬᠢᠨᠢ ᠳᠠᠭᠠᠤ᠂ ᠦᠢᠯᠡᠰ ᠦᠨ ᠬᠢᠨᠢ ᠦᠷ᠎ᠡ ᠵᠢᠮᠢᠰ ᠤᠨ ᠳᠠᠭᠠᠤ ᠬᠠᠷᠢᠭᠤᠯᠳᠠᠭ᠃ 20 ᠲᠠ ᠶᠧᠵᠢᠫᠲ ᠲᠤ ᠲᠡᠮᠳᠡᠭ ᠤᠳ ᠪᠠ ᠭᠠᠢᠬᠠᠮᠰᠢᠭ ᠤᠳ ᠢ ᠦᠢᠯᠡᠳᠦᠭᠰᠡᠨ᠃ ᠥᠨᠥᠳᠥᠷ ᠬᠦᠷᠲᠡᠯ᠎ᠡ ᠢᠰᠷᠧᠯ ᠪᠣᠯᠣᠨ ᠬᠥᠮᠦᠨ ᠲᠥᠷᠥᠯᠬᠢᠲᠡᠨ ᠦ ᠳᠤᠮᠳᠠ ᠴᠤ ᠲᠡᠢᠨ ᠬᠦ ᠦᠢᠯᠡᠳᠦᠨ ᠥᠪᠡᠷ ᠦᠨ ᠢᠶᠠᠨ ᠠᠯᠳᠠᠷ ᠢ ᠥᠨᠥᠳᠥᠷ ᠶᠢᠨ ᠬᠢ ᠮᠡᠲᠦ ᠪᠣᠯᠭᠠᠭᠰᠠᠨ ᠪᠢᠯᠡ᠃ 21 ᠲᠠ ᠥᠪᠡᠷ ᠦᠨ ᠢᠶᠠᠨ ᠠᠷᠠᠳ ᠲᠦᠮᠡᠨ ᠢᠰᠷᠧᠯ ᠢ ᠲᠡᠮᠳᠡᠭ ᠤᠳ ᠪᠠ ᠭᠠᠢᠬᠠᠮᠰᠢᠭ ᠤᠳ ᠢᠶᠠᠷ᠂ ᠬᠦᠴᠦᠲᠦ ᠭᠠᠷ᠂ ᠰᠤᠩ᠋ᠭᠠᠭᠰᠠᠨ ᠮᠤᠲᠤᠷ ᠢᠶᠠᠷ᠂ ᠮᠥᠨ ᠶᠡᠬᠡ ᠠᠶᠤᠮᠰᠢᠭ ᠢᠶᠠᠷ ᠶᠧᠵᠢᠫᠲ ᠡᠴᠡ ᠭᠠᠷᠭᠠᠨ ᠠᠪᠴᠢᠷᠠᠵᠤ᠂ 22 ᠲᠡᠳᠡᠨ ᠦ ᠡᠴᠢᠭᠡ ᠡᠪᠦᠭᠡᠳ ᠲᠤᠨᠢ ᠥᠭᠬᠦ ᠪᠡᠷ ᠥᠪᠡᠷ ᠦᠨ ᠢᠶᠠᠨ ᠠᠮᠠᠯᠠᠭᠰᠠᠨ ᠨᠤᠲᠤᠭ᠂ ᠰᠦ᠋ ᠪᠠᠯ ᠢᠶᠠᠷ ᠪᠢᠯᠬᠠᠭᠰᠠᠨ ᠨᠤᠲᠤᠭ ᠢ ᠲᠡᠳᠡᠨ ᠳᠦ ᠰᠣᠶᠣᠷᠬᠠᠭᠰᠠᠨ ᠪᠢᠯᠡ᠃ 23 ᠲᠡᠳᠡ ᠣᠷᠣᠵᠤ ᠢᠷᠡᠭᠡᠳ᠂ ᠲᠡᠭᠦᠨ ᠢ ᠡᠵᠡᠮᠰᠢᠭᠰᠡᠨ ᠪᠣᠯᠪᠠᠴᠤ ᠲᠠᠨ ᠤ ᠳᠠᠭᠤ ᠶᠢ ᠳᠠᠭᠠᠭ᠎ᠠ ᠦᠭᠡᠢ᠂ ᠲᠠᠨ ᠤ ᠬᠠᠤᠯᠢ ᠶᠢ ᠮᠥᠷᠳᠡᠭᠡ ᠦᠭᠡᠢ᠃ ᠲᠠᠨ ᠤ ᠲᠡᠳᠡᠨ ᠳᠦ 〈ᠦᠢᠯᠡᠳ〉 ᠭᠡᠵᠦ ᠲᠤᠰᠢᠶᠠᠭᠰᠠᠨ ᠪᠦᠬᠦᠨ ᠢ ᠦᠢᠯᠡᠳᠦᠭᠡ ᠦᠭᠡᠢ ᠪᠣᠯᠬᠣᠷ ᠲᠠ ᠡᠨᠡ ᠪᠦᠬᠦ ᠭᠠᠮᠰᠢᠭ ᠢ ᠲᠡᠳᠡᠨ ᠦ ᠳᠡᠭᠡᠷ᠎ᠡ ᠪᠠᠭᠤᠯᠭᠠᠭᠰᠠᠨ ᠪᠢᠯᠡ᠃ 24 ᠡᠨᠡ ᠬᠣᠲᠠ ᠶᠢ ᠡᠵᠡᠯᠡᠬᠦ ᠪᠡᠷ ᠪᠣᠰᠬᠠᠭᠰᠠᠨ ᠪᠦᠰᠡᠯᠡᠯᠲᠡ ᠶᠢᠨ ᠳᠠᠯᠠᠩ ᠤᠳ ᠢ ᠬᠠᠷ᠎ᠠ᠃ ᠢᠯᠳᠦ᠂ ᠥᠯᠥᠰᠬᠥᠯᠡᠩ ᠪᠣᠯᠣᠨ ᠲᠠᠬᠤᠯ ᠤᠨ ᠤᠯᠠᠮ ᠠᠴᠠ ᠡᠨᠡ ᠬᠣᠲᠠ ᠳᠣᠪᠲᠣᠯᠵᠤ ᠪᠠᠢᠭ᠎ᠠ ᠪᠠᠪᠢᠯᠣᠨᠴᠤᠳ ᠤᠨ ᠭᠠᠷ ᠲᠤ ᠣᠷᠣᠬᠤ ᠪᠣᠯᠣᠯ᠎ᠠ᠃ ᠲᠠ ᠠᠢᠯᠠᠳᠤᠭᠰᠠᠨ ᠵᠦᠢᠯ ᠤᠨ ᠢᠶᠠᠨ ᠪᠡᠶᠡᠯᠡᠭᠳᠡᠭᠰᠡᠨ ᠢ ᠬᠠᠷᠠᠵᠤ ᠪᠠᠢᠨ᠎ᠠ︕ 25 ᠡᠵᠡᠨ ᠶᠣᠬᠣᠸᠠ᠂ ᠲᠠ ᠨᠠᠳᠠ ᠳᠤ᠄ 〈ᠮᠥᠩᠭᠥ ᠪᠡᠷ ᠲᠠᠯᠠᠪᠠᠢ ᠬᠤᠳᠠᠯᠳᠤᠨ ᠠᠪᠴᠤ᠂ ᠭᠡᠷᠡᠴᠢ ᠨᠦᠭᠦᠳ ᠢ ᠳᠠᠭᠤᠳᠠ〉 ᠭᠡᠰᠡᠨ ᠠᠲᠠᠯ᠎ᠠ᠂ ᠡᠨᠡ ᠬᠣᠲᠠ ᠪᠠᠪᠢᠯᠣᠨᠴᠤᠳ ᠤᠨ ᠭᠠᠷ ᠲᠤ ᠣᠷᠣᠬᠤ ᠪᠣᠯᠵᠠᠢ》 ᠭᠡᠪᠡ᠃
26 ᠲᠡᠭᠡᠲᠡᠯ᠎ᠡ ᠶᠣᠬᠣᠸᠠ ᠶᠢᠨ ᠦᠭᠡ ᠶᠧᠷᠧᠮᠢᠶ᠎ᠠ ᠳᠤ ᠢᠷᠡᠵᠦ᠂ ᠠᠢᠯᠠᠳᠤᠭᠰᠠᠨ ᠨᠢ᠄ 27 《ᠬᠠᠷ᠎ᠠ᠂ ᠪᠢ ᠪᠣᠯ ᠶᠣᠬᠣᠸᠠ᠂ ᠮᠢᠬᠠᠨ ᠪᠡᠶᠡᠲᠦ ᠪᠦᠬᠦᠨ ᠦ ᠪᠤᠷᠬᠠᠨ ᠪᠢᠯᠡ᠃ ᠨᠠᠳᠠ ᠳᠤ ᠶᠠᠮᠠᠷ ᠨᠢᠭᠡ ᠵᠦᠢᠯ ᠪᠡᠷᠬᠡ ᠭᠡᠵᠢ ᠤᠤ︖ 28 ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠡᠨᠡ ᠬᠣᠲᠠ ᠶᠢ ᠪᠠᠪᠢᠯᠣᠨᠴᠤᠳ ᠤᠨ ᠭᠠᠷ ᠲᠤ᠂ ᠮᠥᠨ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠭᠠᠷ ᠲᠤ ᠲᠤᠰᠢᠶᠠᠵᠤ᠂ ᠲᠡᠷᠡ ᠪᠡᠷ ᠬᠣᠲᠠ ᠶᠢ ᠡᠵᠡᠯᠡᠬᠦ ᠪᠣᠯᠣᠨ᠎ᠠ᠃ 29 ᠡᠨᠡ ᠬᠣᠲᠠ ᠶᠢ ᠳᠣᠪᠲᠣᠯᠵᠤ ᠪᠤᠢ ᠪᠠᠪᠢᠯᠣᠨᠴᠤᠳ ᠬᠣᠲᠠ ᠳᠤ ᠣᠷᠣᠵᠤ ᠢᠷᠡᠭᠡᠳ ᠭᠠᠯ ᠲᠠᠯᠪᠢᠬᠤ ᠪᠥᠭᠡᠳ ᠳᠡᠭᠡᠪᠦᠷ ᠳᠡᠭᠡᠷ᠎ᠡ ᠪᠡᠨ ᠪᠠᠯ ᠳᠤ ᠤᠲᠤᠯᠭ᠎ᠠ ᠤᠭᠤᠭᠢᠭᠤᠯᠵᠤ᠂ ᠥᠭᠡᠷ᠎ᠡ ᠪᠤᠷᠬᠠᠳ ᠲᠤ ᠤᠮᠳᠠᠭᠠᠨ ᠡᠷᠭᠦᠯ ᠠᠰᠬᠠᠨ ᠨᠠᠮᠠᠶᠢ ᠠᠭᠤᠷᠯᠠᠭᠤᠯᠤᠭᠰᠠᠨ ᠭᠡᠷ ᠤᠳ ᠢ ᠬᠣᠲᠠ ᠲᠠᠢ ᠨᠢ ᠬᠠᠮᠲᠤ ᠰᠢᠲᠠᠭᠠᠬᠤ ᠪᠣᠯᠣᠨ᠎ᠠ᠃ 30 ᠢᠰᠷᠧᠯᠴᠦᠳ ᠪᠣᠯᠣᠨ ᠶᠦᠳᠠᠴᠤᠳ ᠵᠠᠯᠠᠭᠤ ᠠᠴᠠ ᠪᠠᠨ ᠮᠢᠨᠦ ᠨᠢᠳᠦᠨ ᠦ ᠡᠮᠦᠨ᠎ᠡ ᠪᠤᠵᠠᠷ ᠮᠠᠭᠤ ᠶᠢ ᠯᠠ ᠦᠢᠯᠡᠳᠴᠦ ᠢᠷᠡᠯ᠎ᠡ᠃ ᠦᠨᠡᠨ ᠳᠡᠭᠡᠨ ᠢᠰᠷᠧᠯᠴᠦᠳ ᠭᠠᠷ ᠤᠨ ᠪᠦᠲᠦᠭᠡᠯ ᠢᠶᠡᠷ ᠢᠶᠠᠨ ᠨᠠᠮᠠᠶᠢ ᠬᠢᠯᠢᠩᠨᠡᠭᠦᠯᠦᠭᠰᠡᠭᠡᠷ ᠯᠠ ᠪᠠᠢᠭᠰᠠᠨ᠂〉 ᠶᠣᠬᠣᠸᠠ ᠠᠢᠯᠠᠳᠴᠤ ᠪᠠᠢᠨ᠎ᠠ᠃ 31 ᠡᠨᠡ ᠬᠣᠲᠠ ᠪᠠᠷᠢᠭᠳᠠᠭᠰᠠᠨ ᠡᠳᠦᠷ ᠡᠴᠡ ᠪᠡᠨ ᠥᠨᠥᠳᠥᠷ ᠬᠦᠷᠲᠡᠯ᠎ᠡ ᠮᠢᠨᠦ ᠠᠭᠤᠷ ᠬᠢᠯᠢᠩ ᠢ ᠥᠲᠥᠭᠡᠭᠰᠡᠨ ᠲᠤᠯᠠ ᠪᠢ ᠲᠡᠭᠦᠨ ᠢ ᠡᠮᠦᠨ᠎ᠡ ᠡᠴᠡ ᠪᠡᠨ ᠵᠠᠢᠯᠠᠭᠤᠯᠬᠤ ᠭᠡᠵᠦ ᠪᠠᠢᠨ᠎ᠠ᠃ 32 ᠢᠰᠷᠧᠯᠴᠦᠳ᠂ ᠶᠦᠳᠠᠴᠤᠳ᠂ ᠲᠤᠬᠠᠢᠯᠠᠪᠠᠯ ᠲᠡᠳᠡᠨ ᠦ ᠬᠠᠭᠠᠳ᠂ ᠲᠦᠰᠢᠮᠡᠳ᠂ ᠲᠠᠬᠢᠯᠴᠢᠳ᠂ ᠡᠰᠢ ᠦᠵᠡᠭᠦᠯᠦᠭᠴᠢᠳ᠂ ᠶᠦᠳᠠ ᠶᠢᠨ ᠬᠢᠨ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠪᠦᠭᠦᠳᠡᠭᠡᠷ ᠬᠢᠭᠰᠡᠨ ᠠᠯᠢᠪᠠ ᠪᠤᠵᠠᠷ ᠮᠠᠭᠤ ᠦᠢᠯᠡᠰ ᠢᠶᠡᠷ ᠢᠶᠠᠨ ᠨᠠᠮᠠᠶᠢ ᠬᠢᠯᠢᠩᠨᠡᠭᠦᠯᠦᠭᠰᠡᠨ ᠶᠤᠮ᠃ 33 ᠲᠡᠳᠡ ᠨᠢᠭᠤᠷ ᠢᠶᠠᠨ ᠪᠤᠰᠤ᠂ ᠨᠢᠷᠤᠭᠤ ᠪᠠᠨ ᠨᠠᠳᠠ ᠤᠷᠤᠭᠤ ᠬᠠᠷᠠᠭᠤᠯᠪᠠ᠃ ᠬᠡᠳᠦᠢᠪᠡᠷ ᠪᠢ ᠲᠡᠳᠡᠨ ᠢ ᠳᠠᠬᠢᠨ ᠳᠠᠬᠢᠨ ᠰᠤᠷᠭᠠᠭᠰᠠᠨ ᠪᠣᠯᠪᠠᠴᠤ ᠲᠡᠳᠡ ᠰᠣᠨᠣᠰᠣᠭ᠎ᠠ ᠦᠭᠡᠢ᠂ ᠵᠢᠭᠠᠪᠤᠷᠢ ᠶᠢ ᠬᠦᠯᠢᠶᠡᠨ ᠠᠪᠤᠭ᠎ᠠ ᠦᠭᠡᠢ᠃ 34 ᠬᠠᠷᠢᠨ ᠲᠡᠳᠡ ᠮᠢᠨᠦ ᠨᠡᠷ᠎ᠡ ᠪᠡᠷ ᠨᠡᠷᠡᠯᠡᠭᠳᠡᠳᠡᠭ ᠥᠷᠭᠥᠭᠡᠨ ᠳᠦ ᠵᠢᠭᠰᠢᠭᠦᠷᠢᠲᠦ ᠵᠦᠢᠯᠡᠰ ᠢᠶᠡᠨ ᠪᠣᠰᠬᠠᠵᠤ᠂ ᠥᠷᠭᠥᠭᠡ ᠶᠢ ᠪᠤᠵᠠᠷᠯᠠᠨ 35 ᠪᠧᠨ ᠾᠢᠨᠣᠮ ᠤᠨ ᠬᠥᠨᠳᠡᠢ ᠳᠦ ᠪᠠᠯ ᠤᠨ ᠮᠥᠷᠭᠥᠯ ᠦᠨ ᠮᠠᠨᠳᠠᠯ ᠤᠳ ᠢ ᠪᠣᠰᠬᠠᠵᠤ᠂ ᠬᠥᠪᠡᠭᠦᠳ ᠥᠬᠢᠳ ᠢᠶᠠᠨ ᠮᠣᠯᠧᠺ ᠲᠤ ᠵᠣᠷᠢᠭᠤᠯᠤᠨ ᠭᠠᠯ ᠳᠤᠮᠳᠠᠭᠤᠷ ᠥᠩᠭᠡᠷᠡᠭᠦᠯᠦᠭᠰᠡᠨ ᠶᠤᠮ᠃ ᠪᠢ ᠲᠡᠳᠡᠨ ᠳᠦ ᠡᠭᠦᠨ ᠢ ᠲᠤᠰᠢᠶᠠᠭ᠎ᠠ ᠦᠭᠡᠢ ᠪᠥᠭᠡᠳ ᠰᠠᠨᠠᠭᠠᠨ ᠳᠤ ᠮᠢᠨᠢ ᠣᠷᠣᠭᠰᠠᠨ ᠴᠤ ᠦᠭᠡᠢ ᠠᠲᠠᠯ᠎ᠠ ᠲᠡᠳᠡ ᠡᠨᠡ ᠵᠢᠭᠰᠢᠭᠦᠷᠢᠲᠦ ᠵᠦᠢᠯ ᠢ ᠬᠢᠵᠦ᠂ ᠶᠦᠳᠠ ᠪᠠᠷ ᠨᠢᠭᠦᠯ ᠦᠢᠯᠡᠳᠦᠭᠦᠯᠦᠭᠰᠡᠨ ᠪᠢᠯᠡ᠃
36 ᠡᠨᠡ ᠬᠣᠲᠠ ᠶᠢᠨ ᠲᠤᠬᠠᠢ ᠲᠠ ᠨᠠᠷ᠄ 〈ᠢᠯᠳᠦ᠂ ᠥᠯᠥᠰᠬᠥᠯᠡᠩ ᠪᠣᠯᠣᠨ ᠲᠠᠬᠤᠯ ᠤᠨ ᠤᠯᠠᠮ ᠢᠶᠠᠷ ᠪᠠᠪᠢᠯᠣᠨ ᠤ ᠬᠠᠭᠠᠨ ᠤ ᠭᠠᠷ ᠲᠤ ᠣᠷᠣᠬᠤ ᠪᠣᠯᠣᠯ᠎ᠠ〉 ᠭᠡᠯᠴᠡᠳᠡᠭ ᠪᠣᠯᠪᠠᠴᠤ ᠢᠰᠷᠧᠯ ᠤᠨ ᠪᠤᠷᠬᠠᠨ ᠶᠣᠬᠣᠸᠠ ᠣᠳᠣ ᠡᠢᠨ ᠬᠦ ᠠᠢᠯᠠᠳᠴᠤ ᠪᠠᠢᠨ᠎ᠠ᠄ 37 ᠬᠠᠷ᠎ᠠ᠂ ᠪᠢ ᠲᠡᠳᠡᠨ ᠢ ᠠᠭᠤᠷ᠂ ᠬᠢᠯᠢᠩ ᠬᠢᠭᠡᠳ ᠶᠡᠬᠡ ᠵᠢᠪᠡᠭᠦᠴᠡᠯ ᠢᠶᠡᠷ ᠬᠥᠭᠡᠭᠡᠵᠦ ᠣᠴᠢᠭᠤᠯᠤᠭᠰᠠᠨ ᠪᠦᠬᠦ ᠨᠤᠲᠤᠭ ᠠᠴᠠ ᠨᠢ ᠴᠤᠭᠯᠠᠭᠤᠯᠤᠨ᠎ᠠ᠃ ᠪᠢ ᠲᠡᠳᠡᠨ ᠢ ᠡᠨᠡ ᠭᠠᠵᠠᠷ ᠲᠤ ᠪᠤᠴᠠᠭᠠᠨ ᠠᠪᠴᠢᠷᠠᠵᠤ᠂ ᠲᠡᠳᠡᠨ ᠢ ᠠᠶᠤᠯ ᠦᠭᠡᠢ ᠠᠮᠢᠳᠤᠷᠠᠭᠤᠯᠬᠤ ᠪᠥᠭᠡᠳ 38 ᠲᠡᠳᠡ ᠮᠢᠨᠦ ᠠᠷᠠᠳ ᠲᠦᠮᠡᠨ᠂ ᠪᠢ ᠲᠡᠳᠡᠨ ᠦ ᠪᠤᠷᠬᠠᠨ ᠪᠣᠯᠣᠨ᠎ᠠ᠃ 39 ᠪᠢ ᠲᠡᠳᠡᠨ ᠳᠦ ᠨᠢᠭᠡ ᠵᠢᠷᠦᠬᠡ᠂ ᠨᠢᠭᠡ ᠵᠠᠮ ᠢ ᠥᠭᠭᠥᠨ᠎ᠡ᠃ ᠡᠢᠨ ᠬᠦ ᠲᠡᠳᠡ ᠥᠪᠡᠷᠰᠡᠳ ᠦᠨ ᠢᠶᠠᠨ ᠰᠠᠢᠨ ᠤ ᠲᠥᠯᠥᠭᠡ᠂ ᠮᠥᠨ ᠥᠪᠡᠷᠰᠡᠳ ᠦᠨ ᠢᠶᠠᠨ ᠦᠷ᠎ᠡ ᠬᠣᠢᠴᠢ ᠶᠢᠨ ᠰᠠᠢᠨ ᠤ ᠲᠥᠯᠥᠭᠡ ᠨᠠᠳᠠ ᠠᠴᠠ ᠦᠷᠭᠦᠯᠵᠢ ᠡᠮᠢᠶᠡᠬᠦ ᠪᠣᠯᠣᠨ᠎ᠠ᠂ 40 ᠪᠢ ᠲᠡᠳᠡᠨ ᠲᠡᠢ ᠡᠭᠦᠷᠢᠳᠡ ᠶᠢᠨ ᠭᠡᠷ᠎ᠡ ᠪᠠᠢᠭᠤᠯᠤᠨ᠎ᠠ᠂ ᠡᠢᠨ ᠬᠦ ᠲᠡᠳᠡᠨ ᠡᠴᠡ ᠡᠷᠭᠢᠯ ᠦᠭᠡᠢ ᠲᠡᠳᠡᠨ ᠳᠦ ᠰᠠᠢᠨ ᠢ ᠦᠢᠯᠡᠳᠦᠨ᠎ᠡ᠃ ᠪᠢ ᠲᠡᠳᠡᠨ ᠦ ᠵᠢᠷᠦᠬᠡᠨ ᠳᠦ ᠨᠠᠳᠠ ᠠᠴᠠ ᠡᠮᠢᠶᠡᠬᠦᠢ ᠶᠢ ᠬᠢᠨ᠎ᠡ᠃ ᠡᠢᠨ ᠬᠦ ᠲᠡᠳᠡ ᠨᠠᠳᠠ ᠠᠴᠠ ᠡᠷᠭᠢᠬᠦ ᠦᠭᠡᠢ᠃ 41 ᠪᠢ ᠲᠡᠳᠡᠨ ᠳᠦ ᠰᠠᠢᠨ ᠢ ᠦᠢᠯᠡᠳᠬᠦ ᠳᠡᠭᠡᠨ ᠪᠠᠶᠠᠰᠴᠤ᠂ ᠦᠨᠡᠨ ᠰᠠᠨᠠᠭ᠎ᠠ᠂ ᠴᠢᠩ ᠰᠡᠳᠬᠢᠯ ᠢᠶᠠᠷ ᠢᠶᠠᠨ ᠲᠡᠳᠡᠨ ᠢ ᠡᠨᠡ ᠨᠤᠲᠤᠭ ᠲᠤ ᠪᠠᠲᠤ ᠰᠠᠭᠤᠯᠭᠠᠨ᠎ᠠ᠃
42 ᠶᠣᠬᠣᠸᠠ ᠡᠢᠨ ᠬᠦ ᠠᠢᠯᠠᠳᠴᠤ ᠪᠠᠢᠨ᠎ᠠ᠄ ᠪᠢ ᠡᠨᠡ ᠠᠷᠠᠳ ᠲᠦᠮᠡᠨ ᠳᠦ ᠡᠨᠡ ᠪᠦᠬᠦ ᠠᠶᠤᠮᠰᠢᠭᠲᠤ ᠭᠠᠮᠰᠢᠭ ᠢ ᠠᠪᠴᠢᠷᠠᠭᠰᠠᠨ ᠲᠠᠢ ᠠᠳᠠᠯᠢ ᠪᠠᠷ ᠠᠮᠠᠯᠠᠭᠰᠠᠨ ᠪᠦᠬᠦ ᠰᠠᠢᠨ ᠰᠠᠢᠬᠠᠨ ᠢᠶᠠᠨ ᠲᠡᠳᠡᠨ ᠳᠦ ᠠᠪᠴᠢᠷᠠᠵᠤ ᠪᠠᠢᠨ᠎ᠠ᠃ 43 ᠲᠠ ᠨᠠᠷ ᠤᠨ᠄ 〈ᠪᠠᠪᠢᠯᠣᠨᠴᠤᠳ ᠤᠨ ᠭᠠᠷ ᠲᠤ ᠣᠷᠣᠭᠠᠳ ᠬᠥᠮᠦᠨ ᠠᠮᠢᠲᠠᠨ ᠦᠭᠡᠢ ᠵᠡᠯᠢᠭᠦᠳ ᠪᠣᠯᠣᠭᠰᠠᠨ〉 ᠭᠡᠵᠦ ᠶᠠᠷᠢᠳᠠᠭ ᠡᠨᠡ ᠭᠠᠵᠠᠷ ᠲᠤ ᠬᠥᠮᠦᠰ ᠳᠠᠬᠢᠨ ᠲᠠᠷᠢᠶᠠᠨ ᠲᠠᠯᠠᠪᠠᠢ ᠬᠤᠳᠠᠯᠳᠤᠨ ᠠᠪᠬᠤ ᠪᠣᠯᠣᠨ᠎ᠠ᠃ 44 ᠪᠢ ᠴᠥᠯᠡᠭᠳᠡᠭᠰᠡᠳ ᠢ ᠪᠤᠴᠠᠭᠠᠬᠤ ᠤᠴᠢᠷ ᠠᠴᠠ ᠬᠥᠮᠦᠰ ᠪᠢᠨᠶᠠᠮᠢᠨ ᠨᠤᠲᠤᠭ ᠲᠤ᠂ ᠶᠧᠷᠦ᠋ᠰᠠᠯᠧᠮ ᠤᠨ ᠡᠷᠭᠢᠨ ᠲᠣᠭᠣᠷᠢᠨ ᠳᠤ᠂ ᠶᠦᠳᠠ ᠶᠢᠨ ᠬᠣᠲᠠ ᠨᠤᠭᠤᠳ ᠲᠤ᠂ ᠠᠭᠤᠯᠠᠷᠬᠠᠭ ᠨᠤᠲᠤᠭ ᠤᠨ ᠲᠣᠰᠬᠣᠳ ᠲᠤ᠂ ᠥᠷᠥᠨ᠎ᠡ ᠶᠢᠨ ᠳᠣᠪᠣ ᠲᠣᠯᠣᠭᠠᠳ ᠳᠠᠬᠢ ᠲᠣᠰᠬᠣᠳ ᠲᠤ ᠪᠣᠯᠣᠨ ᠡᠮᠦᠨ᠎ᠡ ᠪᠦᠰᠡ ᠶᠢᠨ ᠲᠣᠰᠬᠣᠳ ᠲᠤ ᠳᠠᠬᠢᠨ ᠮᠥᠩᠭᠥ ᠪᠡᠷ ᠲᠠᠷᠢᠶᠠᠨ ᠲᠠᠯᠠᠪᠠᠢ ᠬᠤᠳᠠᠯᠳᠤᠨ ᠠᠪᠴᠤ᠂ ᠭᠠᠷ ᠤᠨ ᠦᠰᠦᠭ ᠢᠶᠡᠨ ᠵᠢᠷᠤᠵᠤ᠂ ᠪᠠᠷᠢᠮᠲᠠ ᠪᠠᠨ ᠪᠢᠲᠡᠭᠦᠮᠵᠢᠯᠡᠨ ᠭᠡᠷᠡᠴᠢ ᠪᠠᠨ ᠳᠠᠭᠤᠳᠠᠨ᠎ᠠ᠃ ᠶᠣᠬᠣᠸᠠ ᠠᠢᠯᠠᠳᠴᠤ ᠪᠠᠢᠨ᠎ᠠ》 ᠭᠡᠪᠡ᠃