ᠶᠧᠷᠧᠮᠢᠶ᠎ᠠ ᠬᠣᠷᠢᠨ ᠲᠠᠪᠤ
ᠳᠠᠯᠠᠨ ᠵᠢᠯ ᠤᠨ ᠴᠥᠯᠡᠯᠭᠡ
1 ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠶᠧᠬᠣᠢᠶᠠᠺᠢᠮ ᠤᠨ ᠳᠥᠷᠪᠡᠳᠡᠬᠢ ᠣᠨ᠂ ᠲᠤᠬᠠᠢᠯᠠᠪᠠᠯ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠡᠬᠢᠨ ᠤ ᠣᠨ ᠳᠤ ᠶᠦᠳᠠ ᠶᠢᠨ ᠪᠦᠬᠦ ᠠᠷᠠᠳ ᠲᠦᠮᠡᠨ ᠦ ᠲᠤᠬᠠᠢ ᠦᠭᠡ ᠶᠧᠷᠧᠮᠢᠶ᠎ᠠ ᠳᠤ ᠢᠷᠡᠬᠦ ᠳᠦ᠂ 2 ᠡᠰᠢ ᠦᠵᠡᠭᠦᠯᠦᠭᠴᠢ ᠶᠧᠷᠧᠮᠢᠶ᠎ᠠ ᠲᠡᠭᠦᠨ ᠢ ᠶᠦᠳᠠ ᠶᠢᠨ ᠪᠦᠬᠦ ᠠᠷᠠᠳ ᠲᠦᠮᠡᠨ ᠪᠣᠯᠣᠨ ᠶᠧᠷᠦ᠋ᠰᠠᠯᠧᠮ ᠤᠨ ᠪᠦᠬᠦ ᠰᠠᠭᠤᠭᠠᠯᠢᠴᠢᠳ ᠲᠤ ᠶᠠᠷᠢᠭᠰᠠᠨ ᠨᠢ᠄ 3 《ᠶᠦᠳᠠ ᠶᠢᠨ ᠬᠠᠭᠠᠨ᠂ ᠠᠮᠣᠨ ᠤ ᠬᠦᠦ ᠶᠣᠰᠢᠶ᠎ᠠ ᠶᠢᠨ ᠠᠷᠪᠠᠨ ᠭᠤᠷᠪᠠᠳᠤᠭᠠᠷ ᠣᠨ ᠠᠴᠠ ᠥᠨᠥᠳᠥᠷ ᠪᠣᠯᠲᠠᠯ᠎ᠠ ᠬᠣᠷᠢᠨ ᠭᠤᠷᠪᠠᠨ ᠵᠢᠯ ᠤᠨ ᠲᠤᠷᠰᠢ ᠶᠣᠬᠣᠸᠠ ᠶᠢᠨ ᠦᠭᠡ ᠨᠠᠳᠠ ᠳᠤ ᠢᠷᠡᠭᠰᠡᠨ ᠪᠥᠭᠡᠳ ᠪᠢ ᠲᠠ ᠨᠠᠷ ᠲᠤ ᠳᠠᠬᠢᠨ ᠳᠠᠬᠢᠨ ᠶᠠᠷᠢᠭᠰᠠᠨ ᠪᠣᠯᠪᠠᠴᠤ ᠲᠠ ᠨᠠᠷ ᠰᠣᠨᠣᠰᠣᠭᠰᠠᠨ ᠦᠭᠡᠢ᠃ 4 ᠶᠣᠬᠣᠸᠠ ᠵᠠᠷᠤᠴᠠ ᠡᠰᠢ ᠦᠵᠡᠭᠦᠯᠦᠭᠴᠢᠳ ᠢᠶᠠᠨ ᠲᠠ ᠨᠠᠷ ᠤᠷᠤᠭᠤ ᠳᠠᠬᠢᠨ ᠳᠠᠬᠢᠨ ᠢᠯᠡᠭᠡᠭᠰᠡᠨ ᠪᠣᠯᠪᠠᠴᠤ ᠲᠠ ᠨᠠᠷ ᠰᠣᠨᠣᠰᠣᠭᠰᠠᠨ ᠦᠭᠡᠢ᠂ ᠰᠣᠨᠣᠰᠬᠤ ᠭᠡᠵᠦ ᠴᠢᠬᠢ ᠲᠠᠯᠪᠢᠭᠰᠠᠨ ᠴᠤ ᠦᠭᠡᠢ᠃ 5 ᠡᠰᠢ ᠦᠵᠡᠭᠦᠯᠦᠭᠴᠢᠳ᠄ 〈ᠲᠠ ᠨᠠᠷ ᠤᠨ ᠬᠥᠮᠦᠨ ᠪᠦᠷᠢ ᠬᠣᠷᠣᠨ ᠮᠠᠭᠤ ᠵᠠᠮ᠂ ᠬᠣᠷᠣᠨ ᠮᠠᠭᠤ ᠦᠢᠯᠡᠰ ᠡᠴᠡ ᠪᠡᠨ ᠡᠷᠭᠢ᠂ ᠲᠡᠭᠡᠪᠡᠯ ᠲᠠ ᠨᠠᠷ ᠶᠣᠬᠣᠸᠠ ᠶᠢᠨ ᠲᠠ ᠨᠠᠷ ᠪᠣᠯᠣᠨ ᠲᠠ ᠨᠠᠷ ᠤᠨ ᠡᠴᠢᠭᠡ ᠡᠪᠦᠭᠡᠳ ᠲᠦ ᠰᠣᠶᠣᠷᠬᠠᠭᠰᠠᠨ ᠨᠤᠲᠤᠭ ᠲᠤ ᠦᠶ᠎ᠡ ᠶᠢᠨ ᠦᠶ᠎ᠡ ᠳᠦ ᠰᠠᠭᠤᠬᠤ ᠪᠣᠯᠣᠨ᠎ᠠ〉 ᠭᠡᠰᠡᠨ ᠪᠥᠭᠡᠳ 6 〈ᠲᠠ ᠨᠠᠷ ᠥᠭᠡᠷ᠎ᠡ ᠪᠤᠷᠬᠠᠳ ᠢ ᠪᠦᠦ ᠳᠠᠭ᠎ᠠ᠂ ᠲᠡᠳᠡᠨ ᠳᠦ ᠪᠦᠦ ᠦᠢᠯᠡᠴᠢᠯᠡ᠂ ᠪᠦᠦ ᠮᠥᠷᠭᠥ᠂ ᠥᠪᠡᠷᠰᠡᠳ ᠦᠨ ᠢᠶᠠᠨ ᠭᠠᠷ ᠢᠶᠠᠷ ᠪᠦᠲᠦᠭᠡᠭᠰᠡᠨ ᠵᠦᠢᠯ ᠢᠶᠠᠷ ᠮᠢᠨᠦ ᠠᠭᠤᠷ ᠢ ᠪᠦᠦ ᠬᠦᠷᠭᠡ᠃ ᠲᠡᠭᠡᠪᠡᠯ ᠪᠢ ᠲᠠ ᠨᠠᠷ ᠲᠤ ᠭᠠᠢ ᠤᠴᠠᠷᠠᠭᠤᠯᠬᠤ ᠦᠭᠡᠢ〉 ᠭᠡᠳᠡᠭ ᠢ ᠳᠠᠮᠵᠢᠭᠤᠯᠤᠭᠰᠠᠨ ᠪᠣᠯᠪᠠᠴᠤ 7 〈ᠲᠠ ᠨᠠᠷ ᠮᠢᠨᠦᠬᠢ ᠶᠢ ᠰᠣᠨᠣᠰᠣᠭᠰᠠᠨ ᠦᠭᠡᠢ᠂ ᠭᠠᠷ ᠢᠶᠠᠷ ᠢᠶᠠᠨ ᠪᠦᠲᠦᠭᠡᠭᠰᠡᠨ ᠵᠦᠢᠯ ᠢᠶᠠᠷ ᠨᠠᠮᠠᠶᠢ ᠥᠲᠥᠭᠡᠵᠦ᠂ ᠥᠪᠡᠷᠰᠡᠳ ᠲᠡᠭᠡᠨ ᠭᠠᠢ ᠠᠪᠴᠢᠷᠠᠭᠰᠠᠨ ᠪᠢᠯᠡ〉 ᠭᠡᠵᠦ ᠶᠣᠬᠣᠸᠠ ᠠᠢᠯᠠᠳᠴᠤ ᠪᠠᠢᠨ᠎ᠠ᠃
8 ᠲᠡᠢᠮᠦ ᠡᠴᠡ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠮᠢᠨᠦ ᠦᠭᠡ ᠶᠢ ᠰᠣᠨᠣᠰᠣᠭ᠎ᠠ ᠦᠭᠡᠢ᠂ 9 ᠠᠩ᠋ᠬᠠᠷᠤᠭᠲᠤᠨ᠂ ᠶᠣᠬᠣᠸᠠ ᠪᠢ ᠬᠡᠯᠡᠵᠦ ᠪᠠᠢᠨ᠎ᠠ᠂ ᠪᠢ ᠬᠣᠢᠲᠤ ᠵᠦᠭ ᠦᠨ ᠪᠦᠬᠦ ᠦᠨᠳᠦᠰᠦᠲᠡᠨ ᠬᠢᠭᠡᠳ ᠮᠢᠨᠦ ᠵᠠᠷᠤᠴᠠ ᠪᠣᠯᠬᠤ ᠪᠠᠪᠢᠯᠣᠨ ᠤ ᠬᠠᠭᠠᠨ ᠨᠧᠪᠦ᠋ᠺᠠᠨᠧᠽᠠᠷ ᠢ ᠳᠠᠭᠤᠳᠠᠵᠤ᠂ ᠲᠡᠳᠡᠨ ᠢ ᠡᠨᠡ ᠨᠤᠲᠤᠭ ᠪᠣᠯᠣᠨ ᠲᠡᠭᠦᠨ ᠦ ᠰᠠᠭᠤᠭᠠᠯᠢᠴᠢᠳ᠂ ᠮᠥᠨ ᠡᠷᠭᠢᠨ ᠲᠣᠭᠣᠷᠢᠨ ᠤ ᠬᠢᠨᠢ ᠪᠦᠬᠦ ᠦᠨᠳᠦᠰᠦᠲᠡᠨ ᠤᠷᠤᠭᠤ ᠠᠪᠴᠢᠷᠠᠨ᠎ᠠ᠃ ᠪᠢ ᠲᠠ ᠨᠠᠷ ᠢ ᠪᠦᠷᠢᠮᠦᠰᠦᠨ ᠤᠰᠠᠳᠬᠠᠵᠤ᠂ ᠲᠠ ᠨᠠᠷ ᠢ ᠵᠢᠭᠰᠢᠭᠦᠷᠢ᠂ ᠳᠣᠷᠣᠮᠵᠢᠯᠠᠯ ᠪᠠ ᠡᠭᠦᠷᠢᠳᠡ ᠶᠢᠨ ᠪᠠᠯᠭᠠᠰᠤ ᠪᠣᠯᠭᠠᠨ᠎ᠠ᠃ 10 ᠪᠢ ᠲᠠ ᠨᠠᠷ ᠠᠴᠠ ᠰᠦᠢᠲᠦ ᠵᠠᠯᠠᠭᠤ ᠪᠣᠯᠣᠨ ᠰᠦᠢᠲᠦ ᠪᠦᠰᠡᠭᠦᠢ ᠶᠢᠨ ᠳᠠᠭᠤ ᠮᠡᠲᠦ ᠪᠠᠶᠠᠷ ᠬᠥᠷ ᠦᠨ ᠳᠠᠭᠤ᠂ ᠲᠡᠭᠡᠷᠮ᠎ᠡ ᠶᠢᠨ ᠴᠢᠯᠠᠭᠤᠨ ᠤ ᠴᠢᠮᠡᠭᠡ ᠪᠣᠯᠣᠨ ᠳ᠋ᠧᠩ ᠤᠨ ᠭᠡᠷᠡᠯ ᠢ ᠠᠯᠠᠭ᠎ᠠ ᠪᠣᠯᠭᠠᠬᠤ ᠪᠥᠭᠡᠳ 11 ᠡᠨᠡ ᠪᠦᠬᠦᠢᠯᠡ ᠨᠤᠲᠤᠭ ᠡᠵᠡᠭᠦᠢ ᠵᠡᠯᠢᠭᠦᠳ ᠪᠣᠯᠵᠤ᠂ ᠡᠳᠡᠭᠡᠷ ᠦᠨᠳᠦᠰᠦᠲᠡᠨ ᠪᠠᠪᠢᠯᠣᠨ ᠤ ᠬᠠᠭᠠᠨ ᠳᠤ ᠳᠠᠯᠠᠨ ᠵᠢᠯ ᠦᠢᠯᠡᠴᠢᠯᠡᠨ᠎ᠡ᠃ 12 ᠶᠣᠬᠣᠸᠠ ᠪᠢ ᠠᠢᠯᠠᠳᠴᠤ ᠪᠠᠢᠨ᠎ᠠ᠃ ᠳᠠᠯᠠᠨ ᠵᠢᠯ ᠭᠦᠢᠴᠡᠬᠦ ᠳᠦ᠂ ᠪᠢ ᠪᠠᠪᠢᠯᠣᠨ ᠤ ᠬᠠᠭᠠᠨ ᠪᠣᠯᠣᠨ ᠲᠡᠭᠦᠨ ᠦ ᠦᠨᠳᠦᠰᠦᠲᠡᠨ ᠢ ᠭᠡᠮ ᠪᠤᠷᠤᠭᠤ ᠶᠢᠨ ᠬᠢᠨᠢ ᠤᠯᠠᠮ ᠢᠶᠠᠷ ᠰᠢᠳᠬᠡᠵᠦ᠂ ᠪᠠᠪᠢᠯᠣᠨᠴᠤᠳ ᠤᠨ ᠨᠤᠲᠤᠭ ᠢ ᠡᠭᠦᠷᠢᠳᠡ ᠶᠢᠨ ᠡᠵᠡᠭᠦᠢ ᠭᠠᠵᠠᠷ ᠪᠣᠯᠭᠠᠨ᠎ᠠ᠃〉 13 〈ᠪᠢ ᠲᠡᠷᠡ ᠨᠤᠲᠤᠭ ᠤᠨ ᠲᠠᠯ᠎ᠠ ᠪᠠᠷ ᠥᠪᠡᠷ ᠦᠨ ᠢᠶᠠᠨ ᠠᠢᠯᠠᠳᠤᠭᠰᠠᠨ ᠪᠦᠬᠦᠨ ᠢ᠂ ᠪᠦᠬᠦ ᠦᠨᠳᠦᠰᠦᠲᠡᠨ ᠦ ᠲᠤᠬᠠᠢ ᠡᠨᠡ ᠨᠣᠮ ᠳᠤ ᠪᠢᠴᠢᠭᠳᠡᠭᠰᠡᠨ᠂ ᠶᠧᠷᠧᠮᠢᠶ᠎ᠠ ᠶᠢᠨ ᠡᠰᠢ ᠦᠵᠡᠭᠦᠯᠦᠭᠰᠡᠨ ᠪᠦᠬᠦᠨ ᠢ ᠲᠡᠷᠡ ᠨᠤᠲᠤᠭ ᠲᠤ ᠠᠪᠴᠢᠷᠠᠬᠤ ᠲᠤᠯᠠ 14 ᠲᠡᠳᠡ ᠴᠤ ᠣᠯᠠᠨ ᠬᠦᠴᠦᠲᠦ ᠦᠨᠳᠦᠰᠦᠲᠡᠨ ᠪᠣᠯᠣᠨ ᠬᠠᠭᠠᠳ ᠤᠨ ᠪᠣᠭᠣᠯ ᠪᠣᠯᠣᠨ᠎ᠠ᠃ ᠲᠡᠢᠨ ᠬᠦ ᠪᠢ ᠭᠠᠷ ᠤᠨ ᠬᠢᠨᠢ ᠦᠢᠯᠡᠰ ᠦᠨ ᠳᠠᠭᠠᠤ ᠲᠡᠳᠡᠨ ᠳᠦ ᠬᠠᠷᠢᠭᠤᠯᠤᠨ᠎ᠠ〉》 ᠭᠡᠪᠡ᠃
ᠪᠤᠷᠬᠠᠨ ᠤ ᠬᠢᠯᠢᠩ ᠪᠦᠬᠦᠢ ᠠᠶᠠᠭ᠎ᠠ
15 ᠢᠰᠷᠧᠯ ᠤᠨ ᠪᠤᠷᠬᠠᠨ᠂ ᠶᠣᠬᠣᠸᠠ ᠨᠠᠳᠠ ᠳᠤ ᠠᠢᠯᠠᠳᠤᠨ᠄ 《ᠴᠢ ᠮᠢᠨᠦ ᠭᠠᠷ ᠠᠴᠠ ᠠᠭᠤᠷ ᠬᠢᠯᠢᠩ ᠪᠦᠬᠦᠢ ᠡᠨᠡ ᠠᠶᠠᠭ᠎ᠠ ᠶᠢ ᠠᠪ᠂ ᠪᠢ ᠴᠢᠮᠠᠶᠢ ᠪᠦᠬᠦ ᠦᠨᠳᠦᠰᠦᠲᠡᠨ ᠤᠷᠤᠭᠤ ᠢᠯᠡᠭᠡᠶ᠎ᠡ᠂ ᠴᠢ ᠲᠡᠳᠡᠨ ᠳᠦ ᠲᠡᠭᠦᠨ ᠢ ᠤᠤᠭᠤᠯᠭ᠎ᠠ᠃ 16 ᠲᠡᠳᠡ ᠤᠤᠭᠤᠵᠤ᠂ ᠭᠤᠢᠪᠢᠵᠤ ᠪᠠᠢᠭᠰᠠᠨ ᠢᠶᠠᠨ ᠮᠢᠨᠦ ᠥᠪᠡᠷᠰᠡᠳ ᠳᠤᠨᠢ ᠢᠯᠡᠭᠡᠬᠦ ᠢᠯᠳᠦᠨ ᠡᠴᠡ ᠪᠣᠯᠵᠤ ᠰᠣᠯᠢᠶᠠᠷᠠᠭᠰᠠᠨ ᠮᠡᠲᠦ ᠪᠣᠯᠣᠨ᠎ᠠ》 ᠭᠡᠪᠡ᠃
17 ᠪᠢ ᠶᠣᠬᠣᠸᠠ ᠶᠢᠨ ᠮᠤᠲᠤᠷ ᠠᠴᠠ ᠠᠶᠠᠭ᠎ᠠ ᠶᠢ ᠠᠪᠴᠤ᠂ ᠶᠣᠬᠣᠸᠠ ᠶᠢᠨ ᠨᠠᠮᠠᠶᠢ ᠢᠯᠡᠭᠡᠭᠰᠡᠨ ᠪᠦᠬᠦ ᠦᠨᠳᠦᠰᠦᠲᠡᠨ ᠳᠦ ᠤᠤᠭᠤᠯᠭᠠᠪᠠ᠃ 18 ᠲᠡᠢᠨ ᠬᠦ ᠶᠧᠷᠦ᠋ᠰᠠᠯᠧᠮ᠂ ᠶᠦᠳᠠ ᠶᠢᠨ ᠬᠣᠲᠠ ᠨᠤᠭᠤᠳ ᠲᠤ᠂ ᠲᠡᠭᠦᠨ ᠦ ᠬᠠᠭᠠᠳ ᠪᠣᠯᠣᠨ ᠲᠡᠭᠦᠨ ᠦ ᠨᠣᠶᠠᠳ ᠲᠤ ᠤᠤᠭᠤᠯᠭᠠᠭᠰᠠᠨ ᠳᠤ᠂ ᠨᠤᠲᠤᠭ ᠨᠢ ᠡᠵᠡᠭᠦᠢᠷᠡᠵᠦ᠂ ᠲᠡᠳᠡ ᠵᠢᠭᠰᠢᠭᠦᠷᠢ᠂ ᠳᠣᠷᠣᠮᠵᠢᠯᠠᠯ ᠪᠣᠯᠣᠨ ᠬᠠᠷᠢᠶᠠᠯ ᠪᠣᠯᠵᠤ ᠥᠨᠥᠳᠥᠷ ᠲᠦ ᠬᠦᠷᠴᠡᠢ᠃ 19 ᠲᠡᠢᠨ ᠬᠦ ᠶᠧᠵᠢᠫᠲ ᠤᠨ ᠬᠠᠭᠠᠨ ᠹᠠᠷᠠᠣ᠋ ᠪᠣᠯᠣᠨ ᠲᠡᠭᠦᠨ ᠦ ᠲᠦᠰᠢᠮᠡᠳ ᠨᠣᠶᠠᠳ᠂ ᠪᠦᠬᠦ ᠠᠷᠠᠳ ᠲᠦᠮᠡᠨ᠂ 20 ᠲᠡᠨᠳᠡ ᠰᠠᠭᠤᠳᠠᠭ ᠬᠠᠷᠢ ᠦᠨᠳᠦᠰᠦᠲᠡᠨ ᠨᠦᠭᠦᠳ᠂ ᠦᠽ ᠨᠤᠲᠤᠭ ᠤᠨ ᠪᠦᠬᠦ ᠬᠠᠭᠠᠨ᠂ ᠹᠢᠯᠢᠰᠲ᠋ᠴᠦᠳ ᠦᠨ ᠨᠤᠲᠤᠭ ᠤᠨ ᠪᠦᠬᠦ ᠬᠠᠭᠠᠨ᠂ ᠲᠤᠬᠠᠢᠯᠠᠪᠠᠯ ᠠᠱᠺᠧᠯᠣᠨ᠂ ᠭᠠᠽᠠ᠂ ᠡᠺᠷᠣᠨ ᠪᠠ ᠠᠱᠠᠳᠣᠳ᠋ ᠲᠤ ᠦᠯᠡᠳᠡᠭᠰᠡᠳ ᠦᠨ ᠬᠠᠭᠠᠳ᠂ 21 ᠡᠳᠣᠮ᠂ ᠮᠣᠶᠠᠪ ᠪᠣᠯᠣᠨ ᠠᠮᠣᠨᠴᠤᠳ᠂ 22 ᠲᠢᠷ ᠪᠣᠯᠣᠨ ᠰᠢᠢᠳᠣᠨ ᠤ ᠪᠦᠬᠦ ᠬᠠᠭᠠᠨ᠂ ᠲᠠᠩᠭᠢᠰ ᠤᠨ ᠴᠠᠭᠠᠨ᠎ᠠ ᠡᠷᠭᠢ ᠶᠢᠨ ᠬᠠᠭᠠᠳ᠂ 23 ᠳ᠋ᠧᠳᠠᠨ᠂ ᠲᠧᠮᠠ᠂ ᠪᠦᠽ ᠪᠣᠯᠣᠨ ᠠᠯᠤᠰ ᠬᠣᠯᠠ ᠶᠢᠨ ᠪᠦᠬᠦ ᠨᠤᠲᠤᠭ ᠤᠨ ᠬᠢᠨ᠂ 24 ᠠᠷᠠᠪ ᠤᠨ ᠪᠦᠬᠦ ᠬᠠᠭᠠᠨ᠂ ᠴᠥᠯ ᠳᠤ ᠰᠠᠭᠤᠳᠠᠭ ᠬᠠᠷᠢ ᠶᠢᠨ ᠪᠦᠬᠦ ᠬᠠᠭᠠᠨ᠂ 25 ᠽᠢᠮᠷᠢ ᠶᠢᠨ ᠪᠦᠬᠦ ᠬᠠᠭᠠᠨ᠂ ᠡᠯᠠᠮ ᠤᠨ ᠪᠦᠬᠦ ᠬᠠᠭᠠᠨ᠂ ᠮᠧᠳᠢᠶᠠ ᠶᠢᠨ ᠪᠦᠬᠦ ᠬᠠᠭᠠᠨ᠂ 26 ᠤᠮᠠᠷᠠᠲᠤ ᠵᠦᠭ ᠦᠨ ᠣᠢᠷ᠎ᠠ᠂ ᠬᠣᠯᠠ ᠶᠢᠨ ᠪᠦᠬᠦ ᠬᠠᠭᠠᠨ ᠵᠡᠷᠭᠡ ᠭᠠᠵᠠᠷ ᠤᠨ ᠭᠠᠳᠠᠷᠭᠤ ᠳᠡᠭᠡᠷᠡᠬᠢ ᠳᠡᠯᠡᠬᠡᠢ ᠶᠢᠨ ᠪᠦᠬᠦ ᠬᠠᠭᠠᠨᠴᠢᠯᠠᠯ ᠠᠷᠤ ᠠᠷᠤ ᠠᠴᠠ ᠪᠠᠨ ᠤᠤᠭᠤᠵᠠᠢ᠃ ᠲᠡᠳᠡᠨ ᠦ ᠳᠠᠷᠠᠭ᠎ᠠ ᠱᠧᠱᠠᠺ 9 ᠤᠨ ᠬᠠᠭᠠᠨ ᠴᠤ ᠤᠤᠭᠤᠬᠤ ᠪᠣᠯᠣᠨ᠎ᠠ᠃
27 ᠲᠡᠢᠮᠦ ᠡᠴᠡ ᠴᠢ ᠲᠡᠳᠡᠨ ᠳᠦ᠄ 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠲᠠ ᠨᠠᠷ ᠤᠤᠭᠤ᠂ ᠰᠣᠭᠲᠣ᠂ ᠪᠥᠭᠡᠯᠵᠢ︕ ᠥᠪᠡᠷᠰᠡᠳ ᠲᠦ ᠴᠢᠨᠢ ᠢᠯᠡᠭᠡᠬᠦ ᠢᠯᠳᠦᠨ ᠡᠴᠡ ᠮᠢᠨᠢ ᠪᠣᠯᠵᠤ ᠤᠨᠠᠭᠠᠳ ᠳᠠᠬᠢᠨ ᠪᠦᠦ ᠪᠣᠰ〉 ᠭᠡᠵᠦ ᠬᠡᠯᠡ᠃
28 ᠬᠡᠷᠪᠡ ᠲᠡᠳᠡ ᠴᠢᠨᠦ ᠭᠠᠷ ᠠᠴᠠ ᠠᠶᠠᠭ᠎ᠠ ᠶᠢ ᠠᠪᠴᠤ ᠤᠤᠭᠤᠬᠤ ᠦᠭᠡᠢ ᠪᠣᠯ᠂ ᠴᠢ ᠲᠡᠳᠡᠨ ᠳᠦ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 〈ᠲᠠ ᠨᠠᠷ ᠯᠠᠪᠲᠠᠢ ᠤᠤᠭᠤᠬᠤ ᠪᠣᠯᠣᠨ᠎ᠠ︕ 29 ᠬᠠᠷ᠎ᠠ᠂ ᠪᠢ ᠥᠪᠡᠷ ᠦᠨ ᠢᠶᠠᠨ ᠨᠡᠷ᠎ᠡ ᠪᠡᠷ ᠨᠡᠷᠡᠯᠡᠭᠳᠡᠳᠡᠭ ᠬᠣᠲᠠ ᠠᠴᠠ ᠡᠬᠢᠯᠡᠨ ᠭᠠᠮᠰᠢᠭ ᠪᠠᠭᠤᠯᠭᠠᠭᠰᠠᠨ ᠪᠠᠢᠬᠤ ᠳᠤ᠂ ᠲᠠ ᠨᠠᠷ ᠶᠠᠮᠠᠷ ᠴᠤ ᠰᠢᠳᠬᠡᠯ ᠬᠦᠯᠢᠶᠡᠯ ᠦᠭᠡᠢ ᠥᠩᠭᠡᠷᠡᠨ᠎ᠡ ᠭᠡᠵᠢ ᠤᠤ︖ ᠲᠠ ᠨᠠᠷ ᠰᠢᠳᠬᠡᠭᠦᠯᠬᠦ ᠦᠭᠡᠢ ᠪᠠᠷ ᠥᠩᠭᠡᠷᠡᠬᠦ ᠦᠭᠡᠢ᠂ ᠪᠢ ᠳᠡᠯᠡᠬᠡᠢ ᠶᠢᠨ ᠪᠦᠬᠦ ᠰᠠᠭᠤᠭᠠᠯᠢᠴᠢᠳ ᠤᠨ ᠳᠡᠭᠡᠷ᠎ᠡ ᠢᠯᠳᠦ ᠪᠠᠭᠤᠯᠭᠠᠬᠤ ᠭᠡᠵᠦ ᠪᠠᠢᠨ᠎ᠠ᠂ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ〉 ᠭᠡᠭᠡᠷᠡᠢ᠃
30 ᠣᠳᠣ ᠴᠢ ᠲᠡᠳᠡᠨ ᠳᠦ ᠡᠨᠡ ᠪᠦᠬᠦ ᠦᠭᠡ ᠪᠡᠷ ᠡᠰᠢ ᠦᠵᠡᠭᠦᠯᠵᠦ ᠬᠡᠯᠡᠭᠲᠦᠨ᠄ 《ᠥᠨᠳᠥᠷ ᠳᠡᠭᠡᠷ᠎ᠡ ᠡᠴᠡ ᠶᠣᠬᠣᠸᠠ ᠴᠢᠩᠭ᠎ᠠ ᠪᠠᠷ ᠬᠠᠰᠬᠢᠷᠴᠤ ᠥᠪᠡᠷ ᠦᠨ ᠢᠶᠠᠨ ᠠᠷᠢᠭᠤᠨ ᠥᠷᠭᠥᠭᠡᠨ ᠡᠴᠡ ᠲᠤᠩ᠋ᠬᠠᠭᠯᠠᠨ ᠥᠪᠡᠷ ᠦᠨ ᠢᠶᠠᠨ ᠪᠡᠯᠴᠢᠭᠡᠷ ᠤᠷᠤᠭᠤ ᠬᠦᠩᠭᠢᠨᠡᠨ ᠳᠡᠯᠡᠬᠡᠢ ᠶᠢᠨ ᠪᠦᠬᠦ ᠰᠠᠭᠤᠭᠠᠯᠢᠴᠢᠳ ᠤᠷᠤᠭᠤ ᠦᠵᠦᠮ ᠭᠢᠰᠬᠢᠯᠡᠳᠡᠭ ᠬᠥᠮᠦᠰ ᠦᠨ ᠠᠳᠠᠯᠢ ᠬᠠᠰᠬᠢᠷᠤᠨ᠎ᠠ᠃
31 ᠬᠠᠮᠤᠭ ᠦᠨᠳᠦᠰᠦᠲᠡᠨ ᠢ ᠶᠣᠬᠣᠸᠠ ᠶᠠᠯᠠᠯᠠᠬᠤ ᠳᠤ ᠭᠠᠵᠠᠷ ᠤᠨ ᠬᠢᠵᠠᠭᠠᠷ ᠬᠦᠷᠲᠡᠯ᠎ᠡ ᠬᠠᠰᠬᠢᠷᠤᠭᠠᠨ ᠭᠠᠷᠤᠨ᠎ᠠ ᠮᠢᠬᠠᠨ ᠪᠡᠶᠡᠲᠦ ᠬᠥᠮᠦᠨ ᠪᠦᠷᠢ ᠶᠢ ᠲᠡᠷᠡ ᠰᠢᠭᠦᠵᠦ᠂ ᠪᠤᠷᠤᠭᠤᠲᠠᠨ ᠢ ᠢᠯᠳᠦᠨ ᠳᠦ ᠲᠤᠰᠢᠶᠠᠨ᠎ᠠ᠂〉》 ᠶᠣᠬᠣᠸᠠ ᠠᠢᠯᠠᠳᠴᠤ ᠪᠠᠢᠨ᠎ᠠ᠃
32 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠭᠠᠢ ᠭᠠᠮᠰᠢᠭ ᠦᠨᠳᠦᠰᠦᠲᠡᠨ ᠡᠴᠡ ᠦᠨᠳᠦᠰᠦᠲᠡᠨ ᠤᠷᠤᠭᠤ ᠲᠠᠷᠬᠠᠵᠤ ᠬᠦᠴᠦᠲᠦ ᠰᠢᠭᠤᠷᠭ᠎ᠠ ᠭᠠᠵᠠᠷ ᠤᠨ ᠬᠢᠵᠠᠭᠠᠷ ᠠᠴᠠ ᠬᠥᠳᠡᠯᠵᠦ ᠪᠠᠢᠨ᠎ᠠ᠃
33 ᠲᠡᠷᠡ ᠡᠳᠦᠷ ᠶᠣᠬᠣᠸᠠ ᠪᠠᠷ ᠴᠣᠬᠢᠭᠤᠯᠤᠭᠰᠠᠨ ᠬᠥᠮᠦᠰ ᠭᠠᠵᠠᠷ ᠤᠨ ᠨᠢᠭᠡ ᠬᠢᠵᠠᠭᠠᠷ ᠠᠴᠠ ᠨᠥᠭᠥᠭᠡ ᠬᠢᠵᠠᠭᠠᠷ ᠬᠦᠷᠲᠡᠯ᠎ᠡ ᠬᠥᠭᠯᠡᠷᠡᠬᠦ ᠪᠣᠯᠪᠠᠴᠤ ᠲᠡᠳᠡᠨ ᠦ ᠲᠥᠯᠥᠭᠡ ᠭᠠᠰᠢᠭᠤᠳᠠᠬᠤ᠂ ᠲᠡᠳᠡᠨ ᠢ ᠴᠤᠭᠯᠠᠭᠤᠯᠵᠤ ᠣᠷᠣᠰᠢᠭᠤᠯᠬᠤ ᠬᠥᠮᠦᠨ ᠦᠭᠡᠢ ᠲᠤᠯᠠ ᠲᠡᠳᠡ ᠭᠠᠵᠠᠷ ᠳᠡᠭᠡᠷᠡᠬᠢ ᠢᠯᠭᠠᠳᠠᠰᠤ ᠮᠡᠲᠦ ᠪᠣᠯᠣᠨ᠎ᠠ᠃
34 ᠤᠬᠢᠯᠠᠨ ᠬᠠᠰᠬᠢᠷ ᠬᠣᠨᠢᠴᠢᠳ ᠡ ᠦᠨᠡᠰᠦᠨ ᠳᠡᠭᠡᠷ᠎ᠡ ᠬᠥᠷᠪᠡᠵᠡᠭᠡ᠂ ᠰᠦᠷᠦᠭ ᠦᠨ ᠡᠵᠡᠳ ᠡ ᠲᠠ ᠨᠠᠷ ᠤᠨ ᠬᠢᠳᠤᠭᠳᠠᠬᠤ ᠡᠳᠦᠷ ᠭᠦᠢᠴᠡᠯ᠎ᠡ ᠦᠨᠡᠲᠦ ᠰᠠᠪᠠ ᠲᠠ ᠨᠠᠷ ᠤᠨᠠᠵᠤ ᠪᠤᠲᠠᠷᠠᠬᠤ ᠪᠣᠯᠣᠨ᠎ᠠ᠃
35 ᠬᠣᠨᠢᠴᠢᠳ ᠲᠤ ᠬᠣᠷᠭᠣᠳᠠᠬᠤ ᠭᠠᠵᠠᠷ ᠦᠭᠡᠢ ᠰᠦᠷᠦᠭ ᠦᠨ ᠡᠵᠡᠳ ᠲᠦ ᠵᠢᠭᠤᠲᠠᠬᠤ ᠭᠠᠵᠠᠷ ᠦᠭᠡᠢ ᠪᠣᠯᠣᠨ᠎ᠠ᠃
36 ᠬᠣᠨᠢᠴᠢᠳ ᠤᠨ ᠬᠠᠰᠬᠢᠷᠬᠤ ᠳᠠᠭᠤ ᠰᠦᠷᠦᠭ ᠦᠨ ᠡᠵᠡᠳ ᠦᠨ ᠤᠬᠢᠯᠠᠬᠤ ᠳᠠᠭᠤ ᠶᠢ ᠰᠣᠨᠣᠰ ᠶᠣᠬᠣᠸᠠ ᠲᠡᠳᠡᠨ ᠦ ᠪᠡᠯᠴᠢᠭᠡᠷ ᠤᠳ ᠢ ᠤᠰᠠᠳᠬᠠᠵᠤ ᠪᠠᠢᠨ᠎ᠠ
37 ᠶᠣᠬᠣᠸᠠ ᠶᠢᠨ ᠰᠢᠷᠦᠭᠦᠨ ᠠᠭᠤᠷ ᠬᠢᠯᠢᠩ ᠤᠨ ᠤᠯᠠᠮ ᠢᠶᠠᠷ ᠠᠮᠤᠷ ᠠᠮᠤᠭᠤᠯᠠᠩ ᠪᠡᠯᠴᠢᠭᠡᠷ ᠡᠵᠡᠭᠦᠢᠷᠡᠬᠦ ᠪᠣᠯᠣᠨ᠎ᠠ᠃
38 ᠲᠡᠷᠡ ᠠᠷᠰᠯᠠᠨ ᠮᠡᠲᠦ ᠡᠭᠦᠷ ᠢᠶᠡᠨ ᠣᠷᠬᠢᠵᠤ ᠶᠠᠪᠤᠭᠰᠠᠨ ᠪᠠᠢᠨ᠎ᠠ ᠲᠡᠳᠡᠨ ᠦ ᠭᠠᠵᠠᠷ ᠨᠤᠲᠤᠭ ᠳᠠᠷᠤᠯᠠᠭᠴᠢ ᠶᠢᠨ ᠢᠯᠳᠦ ᠬᠢᠭᠡᠳ ᠶᠣᠬᠣᠸᠠ ᠶᠢᠨ ᠰᠢᠷᠦᠭᠦᠨ ᠠᠭᠤᠷ ᠬᠢᠯᠢᠩ ᠤᠨ ᠤᠯᠠᠮ ᠢᠶᠠᠷ ᠡᠵᠡᠭᠦᠢᠷᠡᠬᠦ ᠪᠣᠯᠣᠨ᠎ᠠ᠃》