1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠳᠥᠴᠢᠨ ᠨᠠᠢ᠌ᠮᠠ
 ᠮᠣᠶᠠᠪ ᠤᠨ ᠲᠠᠯ᠎ᠠ ᠪᠠᠷ ᠬᠢ ᠡᠰᠢ ᠦᠵᠡᠭᠦᠯᠦᠯᠭᠡ

1 ᠮᠣᠶᠠᠪ ᠤᠨ ᠲᠤᠬᠠᠢ ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 《ᠨᠧᠪᠣ ᠭᠠᠰᠠᠯᠠᠩᠲᠠᠶ᠎ᠠ ᠡ᠂ ᠲᠡᠷᠡ ᠰᠦᠢᠷᠡᠨ᠎ᠡ ᠺᠢᠷᠢᠶᠠᠲ᠋ᠠᠢᠮ ᠢᠴᠢᠭᠦᠷᠢ ᠳᠤ ᠣᠷᠣᠵᠤ ᠡᠵᠡᠯᠡᠭᠳᠡᠨ᠎ᠡ ᠪᠡᠬᠢᠯᠡᠯᠲᠡ ᠨᠢ ᠢᠴᠢᠭᠦᠷᠢ ᠳᠤ ᠣᠷᠣᠵᠤ ᠨᠤᠷᠠᠭᠠᠭᠳᠠᠨ᠎ᠠ᠃
2 ᠮᠣᠶᠠᠪ ᠤᠨ ᠨᠡᠷ᠎ᠡ ᠠᠯᠳᠠᠷ ᠠᠯᠠᠭ᠎ᠠ ᠪᠣᠯᠣᠨ᠎ᠠ ᠾᠧᠱᠪᠣᠨ ᠳᠤ ᠲᠡᠭᠦᠨ ᠦ ᠰᠦᠢᠷᠡᠯ ᠢ ᠰᠡᠳᠦᠭᠴᠢᠳ ᠬᠥᠶᠶ᠂ ᠲᠡᠷᠡ ᠦᠨᠳᠦᠰᠦᠲᠡᠨ ᠢ ᠡᠴᠦᠰᠯᠡᠭᠦᠯᠦᠶ᠎ᠡ ᠭᠡᠨ᠎ᠡ᠂ ᠮᠠᠳ᠋ᠮᠧᠨ ᠡ᠂ ᠴᠢ ᠴᠤ ᠤᠰᠠᠳᠬᠠᠭᠳᠠᠨ᠎ᠠ ᠴᠢᠨᠦ ᠠᠷᠤ ᠠᠴᠠ ᠢᠯᠳᠦ ᠳᠠᠭᠠᠬᠤ ᠪᠣᠯᠣᠨ᠎ᠠ᠃
3 ᠬᠣᠷᠣᠨᠠᠢᠮ ᠠᠴᠠ ᠬᠠᠰᠬᠢᠷᠬᠤ ᠳᠠᠭᠤ ᠭᠠᠷᠴᠤ᠂ 〈ᠬᠣᠬᠢᠷᠠᠯ᠂ ᠠᠶᠤᠮᠰᠢᠭᠲᠤ ᠰᠦᠢᠷᠡᠯ〉 ᠭᠡᠨ᠎ᠡ᠃
4 ᠮᠣᠶᠠᠪ ᠰᠦᠢᠷᠡᠬᠦ ᠳᠦ᠂ ᠲᠡᠭᠦᠨ ᠦ ᠬᠡᠦᠬᠡᠳ ᠤᠳ ᠬᠠᠰᠬᠢᠷᠤᠨ᠎ᠠ
5 ᠬᠣᠷᠣᠨᠠᠢᠮ ᠤᠷᠤᠭᠤ ᠶᠠᠪᠤᠬᠤ ᠵᠠᠮ ᠳᠤ ᠰᠦᠢᠷᠡᠯ ᠦᠨ ᠰᠢᠨᠠᠯᠤᠭᠰᠠᠨ ᠬᠠᠰᠬᠢᠷᠤᠭᠠᠨ ᠰᠣᠨᠣᠰᠳᠠᠬᠤ ᠳᠤ᠂ ᠲᠡᠳᠡ ᠤᠬᠢᠯᠠᠭᠰᠠᠭᠠᠷ ᠯᠦᠾᠢᠲ ᠥᠭᠡᠳᠡ ᠥᠭᠰᠥᠨ᠎ᠡ᠃
6 ᠲᠠ ᠨᠠᠷ ᠵᠢᠭᠤᠲᠠ᠂ ᠠᠮᠢ ᠪᠠᠨ ᠠᠪᠤᠷᠠ᠂ ᠴᠥᠯ ᠦᠨ ᠡᠯᠵᠢᠭᠡ ᠮᠡᠲᠦ ᠪᠣᠯ᠃
7 ᠦᠢᠯᠡᠰ ᠪᠣᠯᠣᠨ ᠡᠷᠳᠡᠨᠢᠰ ᠲᠡᠭᠡᠨ ᠢᠲᠡᠭᠡᠵᠦ ᠪᠠᠢᠭᠰᠠᠨ ᠲᠤᠯᠠ ᠴᠢ ᠮᠥᠨ ᠣᠯᠵᠠᠯᠠᠭᠳᠠᠬᠤ ᠪᠥᠭᠡᠳ ᠺᠧᠮᠣᠱ ᠥᠪᠡᠷ ᠦᠨ ᠲᠠᠬᠢᠯᠴᠢᠳ ᠪᠣᠯᠣᠨ ᠪᠠᠷ᠎ᠠ ᠪᠣᠯᠣᠭᠰᠠᠳ ᠲᠠᠢ ᠪᠠᠨ ᠬᠠᠮᠲᠤ ᠴᠥᠯᠡᠯᠭᠡ ᠳᠦ ᠶᠠᠪᠤᠬᠤ ᠪᠣᠯᠣᠨ᠎ᠠ᠃
8 ᠬᠣᠲᠠ ᠪᠦᠷᠢ ᠳᠤ ᠤᠰᠠᠳᠬᠠᠭᠴᠢ ᠢᠷᠡᠬᠦ ᠪᠥᠭᠡᠳ ᠨᠢᠭᠡ ᠴᠤ ᠬᠣᠲᠠ ᠮᠤᠯᠲᠤᠷᠠᠬᠤ ᠦᠭᠡᠢ ᠬᠥᠨᠳᠡᠢ ᠴᠤ ᠰᠦᠢᠷᠡᠨ᠂ ᠲᠡᠭᠰᠢ ᠲᠠᠯ᠎ᠠ ᠴᠤ ᠤᠰᠠᠳᠬᠠᠭᠳᠠᠨ᠎ᠠ᠃ ᠶᠣᠬᠣᠸᠠ ᠡᠢᠨ ᠬᠦ ᠠᠢᠯᠠᠳᠤᠭᠰᠠᠨ ᠶᠤᠮ᠃
9 ᠮᠣᠶᠠᠪ ᠲᠤ ᠵᠢᠭᠦᠷ ᠥᠭ ᠲᠡᠷᠡ ᠨᠢᠰᠦᠨ ᠣᠳᠬᠤ ᠪᠣᠯᠣᠨ᠎ᠠ᠃ ᠬᠣᠲᠠ ᠲᠣᠰᠬᠣᠳ ᠨᠢ ᠰᠠᠭᠤᠭᠠᠯᠢᠴᠢᠳ ᠦᠭᠡᠢ ᠵᠡᠯᠢᠭᠦᠳ ᠭᠠᠵᠠᠷ ᠪᠣᠯᠣᠨ᠎ᠠ᠃
10 ᠶᠣᠬᠣᠸᠠ ᠶᠢᠨ ᠠᠵᠢᠯ ᠢ ᠬᠠᠢᠩ᠋ᠭᠤ ᠬᠢᠳᠡᠭ ᠬᠥᠮᠦᠨ ᠬᠠᠷᠢᠶᠠᠭᠳᠠᠨ᠎ᠠ ᠢᠯᠳᠦ ᠲᠠᠢ ᠪᠠᠢᠲᠠᠯ᠎ᠠ ᠪᠠᠨ ᠴᠢᠰᠤ ᠤᠷᠤᠰᠬᠠᠬᠤ ᠦᠭᠡᠢ ᠬᠥᠮᠦᠨ ᠴᠤ ᠬᠠᠷᠢᠶᠠᠭᠳᠠᠨ᠎ᠠ᠃

11 ᠢᠳᠡᠷ ᠵᠠᠯᠠᠭᠤ ᠠᠴᠠ ᠪᠠᠨ ᠮᠣᠶᠠᠪ ᠠᠮᠤᠷ ᠲᠠᠢᠪᠤᠩ ᠪᠠᠢᠵᠤ ᠴᠥᠯᠡᠯᠭᠡ ᠳᠦ ᠶᠠᠪᠤᠭ᠎ᠠ ᠦᠭᠡᠢ ᠨᠢᠭᠡ ᠰᠠᠪᠠᠨ ᠠᠴᠠ ᠨᠥᠭᠥᠭᠡ ᠰᠠᠪᠠ ᠤᠷᠤᠭᠤ ᠶᠡᠭᠦᠯᠡᠭᠳᠡᠭᠡ ᠦᠭᠡᠢ ᠲᠤᠯᠠ ᠰᠢᠭᠠᠷᠤ ᠲᠣᠭᠲᠠᠭᠰᠠᠨ ᠳᠠᠷᠠᠰᠤ ᠲᠠᠢ ᠠᠳᠠᠯᠢ ᠠᠮᠲᠠ ᠨᠢ ᠬᠡᠪ ᠢᠶᠡᠷ ᠢᠶᠠᠨ᠂ ᠦᠨᠦᠷ ᠨᠢ ᠴᠤ ᠥᠭᠡᠷᠡᠴᠢᠯᠡᠭᠳᠡᠭᠡ ᠦᠭᠡᠢ᠃

12 〈ᠲᠡᠢᠮᠦ ᠡᠴᠡ ᠪᠢ ᠲᠡᠭᠦᠨ ᠤᠷᠤᠭᠤ ᠶᠡᠭᠦᠯᠡᠭᠴᠢᠳ ᠢ ᠢᠯᠡᠭᠡᠬᠦ ᠪᠥᠭᠡᠳ ᠲᠡᠳᠡ ᠲᠡᠭᠦᠨ ᠢ ᠶᠡᠭᠦᠯᠡᠨ ᠠᠰᠬᠠᠨ᠎ᠠ᠂ ᠲᠡᠳᠡ ᠰᠠᠪᠠ ᠰᠠᠭᠤᠯᠠᠭ᠎ᠠ ᠨᠤᠭᠤᠳ ᠢ ᠨᠢ ᠬᠣᠭᠣᠰᠣᠯᠠᠨ᠂ ᠸᠠᠭᠠᠷ ᠤᠳ ᠢ ᠨᠢ ᠬᠠᠭᠠᠯᠤᠨ᠎ᠠ᠂ ᠬᠠᠷᠠ᠂ ᠲᠡᠷᠡ ᠡᠳᠦᠷ ᠢᠷᠡᠵᠦ ᠪᠠᠢᠨ᠎ᠠ᠂〉 ᠶᠣᠬᠣᠸᠠ ᠠᠢᠯᠠᠳᠴᠤ ᠪᠠᠢᠨ᠎ᠠ᠃ 13 ᠢᠰᠷᠧᠯ ᠤᠨ ᠭᠡᠷ ᠦᠨ ᠬᠢᠨ ᠪᠧᠲ᠋ᠧᠯ ᠳᠤ ᠢᠲᠡᠭᠡᠭᠰᠡᠨ ᠦ ᠤᠯᠠᠮ ᠢᠶᠠᠷ ᠢᠴᠢᠭᠦᠷᠢ ᠳᠤ ᠣᠷᠣᠭᠰᠠᠨ ᠲᠠᠢ ᠠᠳᠠᠯᠢ᠂ ᠮᠣᠶᠠᠪ ᠨᠢ ᠺᠧᠮᠣᠱ ᠤᠨ ᠤᠯᠠᠮ ᠢᠶᠠᠷ ᠢᠴᠢᠭᠦᠷᠢ ᠳᠤ ᠣᠷᠣᠨ᠎ᠠ᠃

14 ᠶᠠᠭᠠᠬᠢᠭᠠᠳ ᠲᠠ ᠨᠠᠷ ᠥᠪᠡᠷᠰᠡᠳ ᠢ ᠪᠠᠨ 〈ᠪᠠᠭᠠᠲᠤᠷ ᠤᠳ᠂ ᠬᠦᠴᠦᠷᠬᠡᠭ ᠳᠠᠢᠴᠢᠳ〉 ᠭᠡᠵᠦ ᠬᠡᠯᠡᠨ᠎ᠡ ᠪᠤᠢ︖ 15 ᠡᠳᠦᠭᠡ ᠮᠣᠶᠠᠪ ᠪᠣᠯᠣᠨ ᠲᠡᠭᠦᠨ ᠦ ᠬᠣᠲᠠ ᠲᠣᠰᠬᠣᠳ ᠢ ᠤᠰᠠᠳᠬᠠᠭᠴᠢ ᠢᠷᠡᠯ᠎ᠡ᠂ ᠰᠢᠯᠢᠳᠡᠭ ᠵᠠᠯᠠᠭᠤᠰ ᠨᠢ ᠨᠢᠳᠤᠯᠤᠭᠳᠠᠬᠤ ᠭᠠᠵᠠᠷ ᠤᠷᠤᠭᠤ ᠶᠠᠪᠤᠯ᠎ᠠ᠂》 ᠠᠤᠭ᠎ᠠ ᠬᠦᠴᠦᠲᠦ ᠶᠣᠬᠣᠸᠠ ᠭᠡᠭᠳᠡᠳᠡᠭ ᠬᠠᠭᠠᠨ ᠠᠢᠯᠠᠳᠴᠤ ᠪᠠᠢᠨ᠎ᠠ᠃
16 《ᠮᠣᠶᠠᠪ ᠤᠨ ᠭᠠᠢ ᠣᠢᠷᠠᠲᠤᠯ᠎ᠠ᠂ ᠲᠡᠭᠦᠨ ᠦ ᠭᠠᠮᠰᠢᠭ ᠶᠠᠭᠠᠷᠠᠨ ᠢᠷᠡᠨ᠎ᠡ᠃
17 ᠲᠡᠭᠦᠨ ᠦ ᠡᠷᠭᠢᠨ ᠲᠣᠭᠣᠷᠢᠨ ᠤ ᠬᠥᠮᠦᠨ ᠪᠦᠬᠦᠨ ᠲᠡᠭᠦᠨ ᠦ ᠨᠡᠷ᠎ᠡ ᠶᠢ ᠮᠡᠳᠡᠳᠡᠭ ᠬᠥᠮᠦᠨ ᠪᠦᠬᠦᠨ ᠲᠡᠭᠦᠨ ᠦ ᠲᠥᠯᠥᠭᠡ ᠭᠠᠰᠢᠭᠤᠳᠠᠵᠤ᠄ 〈ᠬᠦᠴᠦᠷᠬᠡᠭ ᠲᠠᠶᠠᠭ᠂ ᠠᠯᠳᠠᠷᠲᠤ ᠲᠠᠶᠠᠭ ᠬᠡᠷᠬᠢᠨ ᠬᠤᠭᠤᠷᠠᠪᠠ ᠡ︕〉 ᠭᠡᠵᠦ ᠬᠡᠯᠡᠵᠡᠭᠡ᠃
18 ᠥᠬᠢᠨ ᠳ᠋ᠢᠪᠣᠨ ᠤ ᠰᠠᠭᠤᠭᠠᠯᠢᠴᠢᠳ ᠡ᠂ ᠠᠯᠳᠠᠷ ᠠᠴᠠ ᠪᠠᠨ ᠪᠠᠭᠤᠨ ᠢᠷᠡᠵᠦ᠂ ᠬᠠᠲᠠᠭᠰᠠᠨ ᠭᠠᠵᠠᠷ ᠳᠡᠭᠡᠷ᠎ᠡ ᠰᠠᠭᠤ ᠮᠣᠶᠠᠪ ᠢ ᠤᠰᠠᠳᠬᠠᠭᠴᠢ ᠨᠢ ᠴᠢᠮ᠎ᠠ ᠤᠷᠤᠭᠤ ᠢᠷᠡᠵᠦ᠂ ᠪᠠᠲᠤ ᠴᠠᠢᠵᠠ ᠨᠤᠭᠤᠳ ᠢ ᠴᠢᠨᠢ ᠨᠤᠷᠠᠭᠠᠨ᠎ᠠ᠃
19 ᠠᠷᠣᠶᠧᠷ ᠲᠤ ᠰᠠᠭᠤᠳᠠᠭ ᠪᠦᠰᠡᠭᠦᠢ ᠡ᠂ ᠵᠠᠮ ᠤᠨ ᠳᠡᠷᠭᠡᠳᠡ ᠵᠣᠭᠰᠣᠨ ᠬᠠᠷᠠᠭᠤᠯᠳᠠᠵᠤ ᠣᠷᠭᠣᠵᠤ ᠪᠤᠢ ᠡᠷᠡᠭᠲᠡᠢ ᠡᠮᠡᠭᠲᠡᠢ ᠡᠴᠡ 〈ᠶᠠᠭᠤ ᠪᠣᠯᠣᠭᠰᠠᠨ ᠪᠤᠢ︖〉 ᠭᠡᠵᠦ ᠠᠰᠠᠭᠤ᠃
20 ᠮᠣᠶᠠᠪ ᠢᠯᠠᠭᠳᠠᠵᠤ᠂ ᠰᠢᠪᠰᠢᠭ ᠪᠣᠯᠣᠯ᠎ᠠ᠂ ᠤᠬᠢᠯᠠᠨ ᠬᠠᠰᠬᠢᠷᠴᠤ᠂ 〈ᠮᠣᠶᠠᠪ ᠤᠰᠠᠳᠬᠠᠭᠳᠠᠭᠰᠠᠨ〉 ᠭᠡᠵᠦ ᠠᠷᠨᠣᠨ ᠤ ᠳᠡᠷᠭᠡᠳᠡ ᠲᠤᠩ᠋ᠬᠠᠭᠯᠠ᠃

21 ᠲᠠᠯ᠎ᠠ ᠭᠠᠵᠠᠷ ᠳᠡᠭᠡᠷ᠎ᠡ ᠰᠢᠳᠬᠡᠯ ᠢᠷᠡᠵᠦ᠂ ᠬᠣᠯᠣᠨ᠂ ᠶᠠᠽᠠ ᠮᠧᠹᠠᠶᠠᠲ᠂ 22 ᠳ᠋ᠢᠪᠣᠨ᠂ ᠨᠧᠪᠣ᠂ ᠪᠧᠲ ᠳ᠋ᠢᠪᠯᠠᠲ᠋ᠠᠢᠮ᠂ 23 ᠺᠢᠷᠢᠶᠠᠲ᠋ᠠᠢᠮ᠂ ᠪᠧᠲ ᠭᠠᠮᠦ᠋ᠯ᠂ ᠪᠧᠲ ᠮᠧᠶᠣᠨ᠂ 24 ᠺᠧᠷᠢᠶᠣᠲ᠂ ᠪᠣᠽᠷᠠ ᠵᠡᠷᠭᠡ ᠮᠣᠶᠠᠪ ᠤᠨ ᠨᠤᠲᠤᠭ ᠤᠨ ᠬᠣᠯᠠ ᠣᠢᠷ᠎ᠠ ᠶᠢᠨ ᠪᠦᠬᠦ ᠬᠣᠲᠠ ᠳᠤ ᠬᠦᠷᠴᠡᠢ᠃ 25 ᠮᠣᠶᠠᠪ ᠤᠨ ᠡᠪᠡᠷ ᠳᠠᠭᠠᠷᠢᠭᠤᠯᠵᠤ᠂ ᠭᠠᠷ ᠨᠢ ᠬᠤᠭᠤᠷᠠᠪᠠ᠂》 ᠶᠣᠬᠣᠸᠠ ᠠᠢᠯᠠᠳᠴᠤ ᠪᠠᠢᠨ᠎ᠠ᠃

26 《ᠶᠣᠬᠣᠸᠠ ᠶᠢᠨ ᠡᠮᠦᠨ᠎ᠡ ᠥᠪᠡᠷ ᠢ ᠪᠠᠨ ᠡᠷᠭᠦᠮᠵᠢᠯᠡᠳᠡᠭ᠌ ᠮᠣᠶᠠᠪ ᠢ ᠰᠣᠭᠲᠣᠭ᠎ᠠ᠃ ᠲᠡᠷᠡ ᠪᠥᠭᠡᠯᠵᠢᠰᠦᠨ ᠳᠡᠭᠡᠷ᠎ᠡ ᠪᠡᠨ ᠬᠥᠯᠪᠡᠷᠢᠵᠦ᠂ ᠬᠥᠮᠦᠨ ᠦ ᠳᠣᠭᠣᠭᠢ ᠲᠣᠬᠣᠭᠤ ᠪᠣᠯᠣᠭ᠃ 27 ᠴᠢ ᠢᠰᠷᠧᠯ ᠢ ᠬᠤᠯᠠᠭᠠᠢᠯᠠᠵᠤ ᠪᠠᠢᠬᠤ ᠳᠤᠨᠢ ᠪᠠᠷᠢᠭᠰᠠᠨ ᠰᠢᠭ᠋ ᠳᠣᠭᠣᠭᠢ ᠲᠣᠬᠣᠭᠤ ᠪᠣᠯᠭᠠᠵᠤ᠂ ᠲᠡᠭᠦᠨ ᠦ ᠲᠤᠬᠠᠢ ᠶᠠᠷᠢᠬᠤ ᠪᠣᠯᠭᠠᠨ ᠳᠠᠭᠠᠨ ᠲᠣᠯᠣᠭᠠᠢ ᠪᠠᠨ ᠰᠡᠭᠰᠦᠷᠴᠦ ᠪᠠᠢᠭᠰᠠᠨ ᠪᠢᠰᠢ ᠤᠤ︖
28 ᠬᠣᠲᠠ ᠪᠠᠨ ᠣᠷᠬᠢᠵᠤ᠂ ᠬᠠᠳᠠᠨ ᠳᠡᠭᠡᠷ᠎ᠡ ᠠᠮᠢᠳᠤᠷᠠ᠂ ᠮᠣᠶᠠᠪ ᠤᠨ ᠰᠠᠭᠤᠭᠠᠯᠢᠴᠢᠳ ᠡ᠂ ᠬᠠᠪᠴᠢᠯ ᠤᠨ ᠠᠮᠠᠨ ᠳᠡᠭᠡᠷ᠎ᠡ ᠡᠭᠦᠷᠯᠡᠳᠡᠭ ᠲᠠᠭᠲᠠᠭ᠎ᠠ ᠮᠡᠲᠦ ᠪᠠᠢ᠃
29 ᠮᠣᠶᠠᠪ ᠤᠨ ᠪᠠᠷᠳᠠᠮᠨᠠᠯ᠂ ᠲᠡᠭᠦᠨ ᠦ ᠪᠠᠷᠳᠠᠮ᠂ ᠰᠠᠭᠰᠠᠭᠤ ᠣᠩ᠋ᠭᠢᠷᠠᠭ᠎ᠠ᠂ ᠳᠡᠭᠡᠷᠡᠩᠭᠦᠢ ᠵᠠᠩ ᠤᠨ ᠲᠤᠬᠠᠢ ᠪᠢᠳᠡ ᠰᠣᠨᠣᠰᠣᠭᠰᠠᠨ᠃ ᠲᠡᠷᠡ ᠮᠠᠰᠢ ᠪᠠᠷᠳᠠᠮ ᠪᠢᠯᠡ
30 ᠲᠡᠭᠦᠨ ᠦ ᠢᠴᠢᠭᠦᠷᠢ ᠦᠭᠡᠢ ᠵᠠᠩ ᠢ ᠪᠢ ᠮᠡᠳᠡᠨ᠎ᠡ᠂》 ᠶᠣᠬᠣᠸᠠ ᠠᠢᠯᠠᠳᠴᠤ ᠪᠠᠢᠨ᠎ᠠ᠂ 《ᠲᠡᠭᠦᠨ ᠦ ᠰᠠᠢᠷᠬᠠᠯ ᠬᠣᠭᠣᠰᠣᠨ᠂ ᠲᠡᠭᠦᠨ ᠦ ᠦᠢᠯᠡᠰ ᠬᠣᠭᠣᠰᠣᠨ
31 ᠲᠡᠢᠮᠦ ᠡᠴᠡ ᠪᠢ ᠮᠣᠶᠠᠪ ᠤᠨ ᠲᠥᠯᠥᠭᠡ ᠣᠷᠢ ᠳᠠᠭᠤ ᠲᠠᠯᠪᠢᠨ᠎ᠠ ᠪᠦᠬᠦ ᠮᠣᠶᠠᠪ ᠤᠨ ᠲᠥᠯᠥᠭᠡ ᠬᠠᠰᠬᠢᠷᠤᠨ᠎ᠠ ᠺᠢᠷ ᠾᠧᠷᠧᠰ ᠤᠨ ᠬᠥᠮᠦᠰ ᠦᠨ ᠲᠥᠯᠥᠭᠡ ᠭᠠᠰᠢᠭᠤᠳᠠᠨ᠎ᠠ᠃
32 ᠰᠢᠪᠮᠠ ᠶᠢᠨ ᠦᠵᠦᠮ ᠡ᠂ ᠪᠢ ᠶᠠᠽᠧᠷ ᠤᠨ ᠲᠥᠯᠥᠭᠡ ᠤᠬᠢᠯᠠᠬᠤ ᠠᠴᠠ ᠢᠯᠡᠭᠦᠦ ᠪᠡᠷ ᠴᠢᠨᠦ ᠲᠥᠯᠥᠭᠡ ᠤᠬᠢᠯᠠᠬᠤ ᠪᠣᠯᠣᠨ᠎ᠠ︕ ᠰᠥᠨᠥᠭᠰᠡᠨ ᠲᠠᠩᠭᠢᠰ ᠤᠨ ᠴᠠᠭᠠᠨ᠎ᠠ ᠬᠦᠷᠲᠡᠯ᠎ᠡ ᠮᠥᠴᠢᠷ ᠤᠳ ᠴᠢᠨᠢ ᠰᠤᠨᠤᠨ᠂ ᠶᠠᠽᠧᠷ ᠤᠨ ᠲᠠᠩᠭᠢᠰ ᠬᠦᠷᠦᠭᠰᠡᠨ ᠪᠠᠢᠬᠤ ᠳᠤ᠂ ᠰᠦᠢᠳᠬᠡᠭᠴᠢ ᠴᠢᠨᠦ ᠪᠣᠯᠪᠠᠰᠤᠷᠠᠭᠰᠠᠨ ᠵᠢᠮᠢᠰ ᠪᠣᠯᠣᠨ ᠦᠵᠦᠮ ᠳᠡᠭᠡᠷ᠎ᠡ ᠪᠠᠭᠤᠪᠠ᠃

33 ᠮᠣᠶᠠᠪ ᠤᠨ ᠴᠡᠴᠡᠷᠯᠢᠭ ᠪᠠ ᠲᠠᠯᠠᠪᠠᠢ ᠠᠴᠠ ᠪᠠᠶᠠᠷ ᠪᠠᠶᠠᠰᠬᠤᠯᠠᠩ ᠪᠤᠯᠢᠶᠠᠭᠳᠠᠨ᠎ᠠ᠃ ᠪᠢ ᠰᠢᠬᠠᠭᠤᠷᠭ᠎ᠠ ᠨᠤᠭᠤᠳ ᠠᠴᠠ ᠳᠠᠷᠠᠰᠤ ᠶᠢ ᠵᠣᠭᠰᠣᠭᠠᠭᠰᠠᠨ ᠤᠴᠢᠷ ᠠᠴᠠ ᠲᠡᠳᠡᠭᠡᠷ ᠢ ᠭᠢᠰᠬᠢᠯᠡᠨ ᠤᠤᠬᠠᠢᠯᠠᠬᠤ ᠬᠥᠮᠦᠨ ᠠᠯᠠᠭ᠎ᠠ᠂ ᠤᠤᠬᠠᠢ ᠨᠢ ᠴᠤ ᠤᠤᠬᠠᠢ ᠪᠢᠰᠢ ᠪᠣᠯᠣᠯ᠎ᠠ᠃

34 ᠾᠧᠱᠪᠣᠨ ᠠᠴᠠ ᠡᠯᠧᠶᠠᠯᠧ ᠶᠢ ᠳᠠᠭᠠᠷᠢᠨ ᠶᠠᠬᠠᠽ ᠬᠦᠷᠲᠡᠯ᠎ᠡ᠂ ᠽᠣᠶᠠᠷ ᠠᠴᠠ ᠬᠣᠷᠣᠨᠠᠢᠮ ᠢᠶᠠᠷ ᠳᠠᠮᠵᠢᠨ ᠡᠭᠯᠠᠲ ᠱᠧᠯᠢᠱᠢᠶᠠ ᠬᠦᠷᠲᠡᠯ᠎ᠡ ᠬᠠᠰᠬᠢᠷᠬᠤ ᠳᠠᠭᠤ ᠰᠣᠨᠣᠰᠲᠠᠯ᠎ᠠ᠃ ᠨᠢᠮᠷᠢᠮ ᠤᠨ ᠤᠰᠤ ᠴᠤ ᠰᠢᠷᠭᠢᠭᠰᠡᠨ ᠠᠵᠢ᠃ 35 ᠮᠣᠶᠠᠪ ᠤᠨ ᠮᠥᠷᠭᠥᠯ ᠦᠨ ᠮᠠᠨᠳᠠᠯ ᠳᠡᠭᠡᠷ᠎ᠡ ᠲᠠᠬᠢᠯ ᠡᠷᠭᠦᠵᠦ᠂ ᠪᠤᠷᠬᠠᠳ ᠲᠠᠭᠠᠨ ᠤᠲᠤᠯᠭ᠎ᠠ ᠤᠭᠤᠭᠢᠭᠤᠯᠳᠠᠭ ᠶᠣᠰᠣ ᠶᠢ ᠨᠢ ᠪᠢ ᠵᠣᠭᠰᠣᠭᠠᠨ᠎ᠠ᠂》 ᠶᠣᠬᠣᠸᠠ ᠠᠢᠯᠠᠳᠴᠤ ᠪᠠᠢᠨ᠎ᠠ᠃ 36 《ᠡᠳᠡᠭᠡᠷ ᠦᠨ ᠤᠯᠠᠮ ᠢᠶᠠᠷ ᠰᠡᠳᠬᠢᠯ ᠮᠢᠨᠢ ᠮᠣᠶᠠᠪ ᠤᠨ ᠲᠥᠯᠥᠭᠡ ᠯᠢᠩᠪᠦ ᠮᠡᠲᠦ ᠭᠠᠰᠢᠭᠤᠳᠠᠨ᠎ᠠ᠃ ᠮᠥᠨ ᠺᠢᠷ ᠾᠧᠷᠧᠰ ᠤᠨ ᠬᠥᠮᠦᠰ ᠦᠨ ᠲᠥᠯᠥᠭᠡ ᠯᠢᠩᠪᠦ ᠮᠡᠲᠦ ᠭᠠᠰᠢᠭᠤᠳᠠᠨ᠎ᠠ᠃ ᠲᠡᠳᠡᠨ ᠦ ᠣᠯᠣᠭᠰᠠᠨ ᠡᠳ᠋ ᠪᠠᠶᠠᠯᠢᠭ ᠠᠯᠠᠭ᠎ᠠ ᠪᠣᠯᠣᠯ᠎ᠠ᠃

37 ᠬᠥᠮᠦᠨ ᠪᠣᠯᠭᠠᠨ ᠲᠣᠯᠣᠭᠠᠢ ᠪᠠᠨ ᠮᠤᠬᠤᠷ ᠪᠣᠯᠭᠠᠵᠤ᠂ ᠰᠠᠬᠠᠯ ᠢᠶᠠᠨ ᠬᠤᠰᠤᠨ᠂ ᠭᠠᠷ ᠢᠶᠠᠨ ᠵᠦᠰᠦᠭᠰᠡᠨ ᠪᠠ ᠪᠡᠯᠬᠡᠭᠦᠰᠦᠨ ᠳᠡᠭᠡᠨ ᠲᠠᠭᠠᠷ ᠲᠠᠢ᠃ 38 ᠮᠣᠶᠠᠪ ᠤᠨ ᠪᠦᠬᠦ ᠪᠠᠢᠰᠢᠩ ᠤᠨ ᠳᠡᠭᠡᠪᠦᠷ᠂ ᠲᠡᠭᠦᠨ ᠦ ᠪᠦᠬᠦ ᠭᠤᠳᠤᠮᠵᠢᠨ ᠳᠡᠭᠡᠷ᠎ᠡ ᠭᠠᠵᠠᠷ ᠰᠠᠢ ᠦᠭᠡᠢ ᠭᠠᠰᠢᠭᠤᠳᠠᠯ ᠪᠠᠢᠨ᠎ᠠ᠃ ᠪᠢ ᠮᠣᠶᠠᠪ ᠢ ᠬᠡᠷᠡᠭ ᠦᠭᠡᠢ ᠰᠠᠪᠠ ᠮᠡᠲᠦ ᠬᠠᠭᠠᠯᠤᠭᠰᠠᠨ ᠠᠵᠢ᠂》 ᠶᠣᠬᠣᠸᠠ ᠠᠢᠯᠠᠳᠴᠤ ᠪᠠᠢᠨ᠎ᠠ᠃ 39 《ᠮᠣᠶᠠᠪ ᠨᠤᠷᠠᠵᠠᠢ︕ ᠲᠡᠳᠡ ᠭᠠᠰᠢᠭᠤᠳᠠᠵᠤ ᠪᠠᠢᠨ᠎ᠠ︕ ᠮᠣᠶᠠᠪ ᠢᠴᠢᠵᠦ ᠨᠢᠷᠤᠭᠤ ᠪᠠᠨ ᠬᠠᠷᠠᠭᠤᠯᠵᠠᠢ︕ ᠲᠡᠢᠨ ᠬᠦ ᠮᠣᠶᠠᠪ ᠡᠷᠭᠢᠨ ᠲᠣᠭᠣᠷᠢᠨ ᠤ ᠪᠠᠨ ᠪᠦᠬᠦᠨ ᠳᠦ ᠳᠣᠭᠣᠭᠢ ᠲᠣᠬᠣᠭᠤ ᠪᠠ ᠵᠢᠭ᠍ᠰᠢᠯ ᠪᠣᠯᠣᠨ᠎ᠠ᠃》

40 ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠨᠢᠭᠡᠨ ᠪᠦᠷᠭᠦᠳ ᠰᠤᠮᠤᠳᠠᠨ ᠢᠷᠡᠭᠡᠳ ᠮᠣᠶᠠᠪ ᠤᠨ ᠳᠡᠭᠡᠷ᠎ᠡ ᠵᠢᠭᠦᠷ ᠢᠶᠡᠨ ᠳᠡᠯᠭᠡᠨ᠎ᠡ᠃
41 ᠬᠣᠲᠠ ᠨᠤᠭᠤᠳ ᠣᠯᠵᠠᠯᠠᠭᠳᠠᠵᠤ᠂ ᠴᠠᠢᠵᠠ ᠨᠤᠭᠤᠳ ᠡᠵᠡᠯᠡᠭᠳᠡᠨ᠎ᠡ᠂ ᠲᠡᠷᠡ ᠡᠳᠦᠷ ᠮᠣᠶᠠᠪ ᠤᠨ ᠳᠠᠢᠴᠢᠳ ᠤᠨ ᠵᠢᠷᠦᠬᠡ ᠨᠢᠷᠠᠢᠯᠠᠵᠤ ᠪᠤᠢ ᠪᠦᠰᠡᠭᠦᠢ ᠶᠢᠨ ᠵᠢᠷᠦᠬᠡ ᠮᠡᠲᠦ ᠪᠣᠯᠣᠨ᠎ᠠ᠃
42 ᠮᠣᠶᠠᠪ ᠶᠣᠬᠣᠸᠠ ᠶᠢᠨ ᠡᠮᠦᠨ᠎ᠡ ᠥᠪᠡᠷ ᠢ ᠪᠠᠨ ᠡᠷᠭᠦᠮᠵᠢᠯᠡᠳᠡᠭ᠌ ᠲᠤᠯᠠ ᠤᠰᠠᠳᠬᠠᠭᠳᠠᠵᠤ᠂ ᠦᠨᠳᠦᠰᠦᠲᠡᠨ ᠪᠠᠢᠬᠤ ᠪᠠᠨ ᠪᠣᠯᠢᠨ᠎ᠠ᠃
43 ᠮᠣᠶᠠᠪ ᠲᠤ ᠰᠠᠭᠤᠳᠠᠭ ᠬᠥᠮᠦᠨ ᠡ᠂ ᠠᠶᠤᠮᠰᠢᠭᠲᠤ ᠤᠨᠠᠭᠤᠯᠢ ᠪᠠ ᠤᠷᠠᠬ᠎ᠠ ᠡᠮᠦᠨ᠎ᠡ ᠴᠢᠨᠢ ᠪᠠᠢᠨ᠎ᠠ᠂》 ᠶᠣᠬᠣᠸᠠ ᠠᠢᠯᠠᠳᠴᠤ ᠪᠠᠢᠨ᠎ᠠ᠃
44 《ᠠᠶᠤᠮᠰᠢᠭ ᠠᠴᠠ ᠵᠢᠭᠤᠲᠠᠬᠤ ᠨᠢᠭᠡᠨ ᠨᠢ ᠤᠨᠠᠭᠤᠯᠢ ᠳᠤ ᠤᠨᠠᠵᠤ᠂ ᠤᠨᠠᠭᠤᠯᠢ ᠡᠴᠡ ᠭᠠᠷᠬᠤ ᠨᠢᠭᠡᠨ ᠨᠢ ᠤᠷᠠᠬᠠᠨ ᠳᠤ ᠣᠷᠣᠨ᠎ᠠ᠂ ᠡᠳᠡᠭᠡᠷ ᠢ ᠪᠢ ᠮᠣᠶᠠᠪ ᠢ ᠰᠢᠳᠬᠡᠬᠦ ᠵᠢᠯ ᠳᠡᠭᠡᠨ ᠲᠡᠭᠦᠨ ᠳᠡᠭᠡᠷ᠎ᠡ ᠠᠪᠴᠢᠷᠠᠬᠤ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃
45 《ᠲᠠᠮᠢᠷᠳᠠᠭᠰᠠᠨ ᠳᠦᠷᠪᠡᠭᠴᠢᠳ ᠾᠧᠱᠪᠣᠨ ᠤ ᠬᠡᠷᠡᠮ ᠦᠨ ᠰᠡᠭᠦᠳᠡᠷ ᠲᠦ ᠵᠣᠭᠰᠣᠭᠰᠠᠨ ᠴᠤ ᠾᠧᠱᠪᠣᠨ ᠠᠴᠠ ᠭᠠᠯ᠂ ᠰᠢᠬᠣᠨ ᠠᠴᠠ ᠳᠥᠯᠥ ᠭᠠᠷᠴᠤ ᠮᠣᠶᠠᠪ ᠤᠨ ᠳᠤᠬᠤ᠂ ᠦᠢᠮᠡᠭᠡᠨ ᠳᠡᠭᠳᠡᠭᠡᠭᠴᠢᠳ ᠤᠨ ᠬᠤᠢᠬ᠎ᠠ ᠶᠢ ᠰᠢᠲᠠᠭᠠᠨ᠎ᠠ᠃
46 ᠭᠠᠰᠠᠯᠠᠩᠲᠠᠶ᠎ᠠ ᠮᠣᠶᠠᠪ ᠡ᠂ ᠺᠧᠮᠣᠱ ᠤᠨ ᠦᠨᠳᠦᠰᠦᠲᠡᠨ ᠮᠥᠬᠥᠵᠡᠢ ᠬᠥᠪᠡᠭᠦᠳ ᠴᠢᠨᠢ ᠣᠯᠵᠠᠯᠠᠭᠳᠠᠵᠤ᠂ ᠥᠬᠢᠳ ᠴᠢᠨᠢ ᠴᠥᠯᠡᠭᠳᠡᠵᠡᠢ᠃
47 ᠭᠡᠪᠡᠴᠦ ᠬᠣᠵᠢᠮ ᠤᠨ ᠡᠳᠦᠷ ᠤᠳ ᠲᠤ ᠪᠢ ᠮᠣᠶᠠᠪ ᠤᠨ ᠴᠥᠯᠡᠭᠳᠡᠭᠰᠡᠳ ᠢ ᠪᠤᠴᠠᠭᠠᠨ᠎ᠠ᠂》 ᠶᠣᠬᠣᠸᠠ ᠠᠢᠯᠠᠳᠴᠤ ᠪᠠᠢᠨ᠎ᠠ᠂ ᠮᠣᠶᠠᠪ ᠲᠤ ᠢᠷᠡᠬᠦ ᠰᠢᠳᠬᠡᠯ ᠦᠨ ᠲᠠᠯ᠎ᠠ ᠪᠠᠷ ᠬᠢ ᠦᠭᠡ ᠡᠢᠨ ᠬᠦ ᠲᠡᠭᠦᠰᠪᠡ᠃