1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠳᠥᠴᠢᠨ ᠬᠣᠶᠠᠷ

1 ᠴᠡᠷᠢᠭ ᠤᠨ ᠪᠦᠬᠦ ᠠᠬᠠᠮᠠᠳ᠂ ᠺᠠᠷᠧᠶ᠎ᠠ ᠶᠢᠨ ᠬᠦᠦ ᠶᠣᠬᠠᠨᠠᠨ᠂ ᠬᠣᠱᠠᠢᠶ᠎ᠠ ᠶᠢᠨ ᠬᠦᠦ ᠶᠧᠽᠠᠨᠢᠶ᠎ᠠ ᠪᠣᠯᠣᠨ ᠬᠡᠦᠬᠡᠳ ᠨᠠᠰᠤᠲᠠᠳ ᠦᠭᠡᠢ ᠪᠦᠬᠦ ᠠᠷᠠᠳ ᠣᠯᠠᠨ 2 ᠡᠰᠢ ᠦᠵᠡᠭᠦᠯᠦᠭᠴᠢ ᠶᠧᠷᠧᠮᠢᠶ᠎ᠠ ᠳᠤ ᠣᠢᠷᠠᠲᠤᠨ ᠢᠷᠡᠵᠦ᠄ 《ᠲᠠ ᠪᠢᠳᠡᠨ ᠦ ᠬᠦᠰᠡᠯᠲᠡ ᠶᠢ ᠰᠣᠨᠣᠰᠴᠤ᠂ ᠡᠨᠡ ᠪᠦᠬᠦ ᠦᠯᠡᠳᠡᠭᠰᠡᠳ ᠦᠨ ᠡᠮᠦᠨ᠎ᠡ ᠡᠴᠡ ᠥᠪᠡᠷ ᠦᠨ ᠢᠶᠠᠨ ᠪᠤᠷᠬᠠᠨ ᠶᠣᠬᠣᠸᠠ ᠳᠤ ᠳᠠᠭᠠᠳᠬᠠᠨ᠎ᠠ ᠤᠤ︖ ᠲᠠᠨ ᠤ ᠨᠢᠳᠦ ᠪᠡᠷ ᠢᠶᠠᠨ ᠬᠠᠷᠠᠵᠤ ᠪᠠᠢᠭᠠᠴᠢᠯᠠᠨ ᠪᠢᠳᠡ ᠣᠯᠠᠭᠤᠯᠠ ᠪᠠᠢᠭᠰᠠᠨ ᠢᠶᠠᠨ ᠣᠳᠣ ᠴᠥᠭᠡᠬᠦᠯᠡ ᠪᠡᠨ ᠦᠯᠡᠳᠡᠭᠰᠡᠨ᠃ 3 ᠲᠠᠨ ᠤ ᠪᠤᠷᠬᠠᠨ ᠶᠣᠬᠣᠸᠠ ᠪᠢᠳᠡᠨ ᠦ ᠠᠯᠬᠤᠬᠤ ᠵᠠᠮ ᠪᠣᠯᠣᠨ ᠪᠢᠳᠡᠨ ᠦ ᠬᠢᠬᠦ ᠵᠦᠢᠯ ᠢ ᠪᠢᠳᠡᠨ ᠳᠦ ᠮᠡᠳᠡᠭᠦᠯᠬᠦ ᠴᠤ ᠪᠣᠯᠣᠭᠠᠰᠠᠢ》 ᠭᠡᠯ᠎ᠡ᠃ 4 ᠡᠰᠢ ᠦᠵᠡᠭᠦᠯᠦᠭᠴᠢ ᠶᠧᠷᠧᠮᠢᠶ᠎ᠠ ᠲᠡᠳᠡᠨ ᠳᠦ᠄ 《ᠲᠡᠭᠡᠶ᠎ᠡ᠃ ᠪᠢ ᠲᠠ ᠨᠠᠷ ᠤᠨ ᠬᠡᠯᠡᠭᠰᠡᠨ ᠦ ᠳᠠᠭᠠᠤ ᠲᠠ ᠨᠠᠷ ᠤᠨ ᠪᠤᠷᠬᠠᠨ ᠶᠣᠬᠣᠸᠠ ᠳᠤ ᠯᠠᠪᠲᠠᠢ ᠳᠠᠭᠠᠳᠬᠠᠨ᠎ᠠ᠃ ᠶᠣᠬᠣᠸᠠ ᠶᠢᠨ ᠲᠠ ᠨᠠᠷ ᠲᠤ ᠬᠠᠷᠢᠭᠤᠯᠬᠤ ᠦᠭᠡ ᠪᠦᠷᠢ ᠶᠢ ᠪᠢ ᠲᠠ ᠨᠠᠷ ᠲᠤ ᠬᠡᠯᠡᠨ᠎ᠡ᠂ ᠲᠠ ᠨᠠᠷ ᠠᠴᠠ ᠶᠠᠭᠤ ᠴᠤ ᠨᠢᠭᠤᠬᠤ ᠦᠭᠡᠢ》 ᠭᠡᠬᠦ ᠳᠦ᠂ 5 ᠲᠡᠳᠡ ᠶᠧᠷᠧᠮᠢᠶ᠎ᠠ ᠳᠤ᠄ 《ᠲᠠᠨ ᠤ ᠪᠤᠷᠬᠠᠨ ᠶᠣᠬᠣᠸᠠ ᠶᠢᠨ ᠲᠠᠨ ᠢᠶᠠᠷ ᠪᠢᠳᠡᠨ ᠳᠦ ᠳᠠᠮᠵᠢᠭᠤᠯᠬᠤ ᠪᠦᠬᠦ ᠦᠭᠡ ᠶᠢᠨ ᠳᠠᠭᠠᠤ ᠪᠢᠳᠡ ᠦᠢᠯᠡᠳᠬᠦ ᠦᠭᠡᠢ ᠪᠣᠯ᠂ ᠶᠣᠬᠣᠸᠠ ᠲᠠ ᠪᠢᠳᠡᠨ ᠦ ᠬᠣᠭᠣᠷᠣᠨᠳᠣᠬᠢ ᠦᠨᠡᠨ᠂ ᠢᠲᠡᠭᠡᠯ ᠲᠡᠢ ᠭᠡᠷᠡᠴᠢ ᠪᠣᠯᠬᠤ ᠪᠣᠯᠲᠤᠭᠠᠢ᠃ 6 ᠰᠠᠢᠨ ᠪᠠᠢᠭᠰᠠᠨ ᠴᠤ᠂ ᠮᠠᠭᠤ ᠪᠠᠢᠭᠰᠠᠨ ᠴᠤ ᠪᠢᠳᠡ ᠶᠣᠬᠣᠸᠠ ᠪᠤᠷᠬᠠᠨ ᠤ ᠪᠠᠨ ᠳᠠᠭᠤ ᠶᠢ ᠳᠠᠭᠠᠨ᠎ᠠ᠃ ᠡᠢᠮᠦ ᠡᠴᠡ ᠪᠢᠳᠡ ᠲᠠᠨ ᠢ ᠢᠯᠡᠭᠡᠵᠦ ᠪᠠᠢᠨ᠎ᠠ᠂ ᠲᠡᠢᠨ ᠬᠦ ᠶᠣᠬᠣᠸᠠ ᠪᠤᠷᠬᠠᠨ ᠤ ᠪᠠᠨ ᠳᠠᠭᠤ ᠶᠢ ᠳᠠᠭᠠᠪᠠᠯ ᠪᠢᠳᠡ ᠰᠠᠢᠨ ᠢ ᠠᠮᠰᠠᠨ᠎ᠠ》 ᠭᠡᠵᠡᠢ᠃

7 ᠠᠷᠪᠠᠨ ᠡᠳᠦᠷ ᠦᠨ ᠳᠠᠷᠠᠭ᠎ᠠ ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠃ 8 ᠡᠢᠮᠦ ᠡᠴᠡ ᠲᠡᠷᠡ ᠪᠡᠷ ᠺᠠᠷᠧᠶ᠎ᠠ ᠶᠢᠨ ᠬᠦᠦ ᠶᠣᠬᠠᠨᠠᠨ᠂ ᠲᠡᠭᠦᠨ ᠦ ᠬᠠᠮᠲᠤᠷᠠᠭᠴᠢ ᠴᠡᠷᠢᠭ ᠤᠨ ᠪᠦᠬᠦ ᠠᠬᠠᠮᠠᠳ ᠪᠣᠯᠣᠨ ᠬᠡᠦᠬᠡᠳ ᠨᠠᠰᠤᠲᠠᠳ ᠦᠭᠡᠢ ᠪᠦᠬᠦ ᠠᠷᠠᠳ ᠣᠯᠠᠨ ᠢ ᠳᠠᠭᠤᠳᠠᠵᠤ᠂ 9 ᠲᠡᠳᠡᠨ ᠳᠦ᠄ 《ᠲᠠ ᠨᠠᠷ ᠨᠠᠮᠠᠶᠢ ᠢᠰᠷᠧᠯ ᠤᠨ ᠪᠤᠷᠬᠠᠨ ᠶᠣᠬᠣᠸᠠ ᠳᠤ ᠢᠯᠡᠭᠡᠵᠦ᠂ ᠥᠪᠡᠷ ᠦᠨ ᠢᠶᠠᠨ ᠬᠦᠰᠡᠯᠲᠡ ᠶᠢ ᠲᠠᠯᠪᠢᠭᠤᠯᠤᠭᠰᠠᠨ ᠪᠢᠯᠡ᠃ ᠲᠡᠷᠡ ᠪᠡᠷ ᠡᠢᠨ ᠬᠦ ᠠᠢᠯᠠᠳᠴᠤ ᠪᠠᠢᠨ᠎ᠠ᠄ 10 〈ᠲᠠ ᠨᠠᠷ ᠡᠨᠡ ᠨᠤᠲᠤᠭ ᠲᠤ ᠦᠯᠡᠳᠡᠬᠦ ᠯᠠ ᠶᠤᠮ ᠪᠣᠯ᠂ ᠪᠢ ᠲᠠ ᠨᠠᠷ ᠢ ᠪᠣᠰᠬᠠᠬᠤ ᠪᠥᠭᠡᠳ ᠨᠤᠷᠠᠭᠠᠬᠤ ᠦᠭᠡᠢ᠂ ᠲᠠᠷᠢᠬᠤ ᠪᠥᠭᠡᠳ ᠲᠠᠰᠤᠳᠠᠬᠤ ᠦᠭᠡᠢ᠃ ᠪᠢ ᠲᠠ ᠨᠠᠷ ᠲᠤ ᠤᠴᠠᠷᠠᠭᠤᠯᠤᠭᠰᠠᠨ ᠭᠠᠮᠰᠢᠭ ᠤᠨ ᠢᠶᠠᠨ ᠲᠠᠯ᠎ᠠ ᠪᠠᠷ ᠬᠠᠷᠠᠮᠰᠠᠭᠰᠠᠨ᠃ 11 ᠲᠠ ᠨᠠᠷ ᠪᠠᠪᠢᠯᠣᠨ ᠤ ᠬᠠᠭᠠᠨ ᠠᠴᠠ ᠠᠶᠤᠵᠤ ᠪᠠᠢᠨ᠎ᠠ᠂ ᠲᠡᠭᠦᠨ ᠡᠴᠡ ᠪᠦᠦ ᠠᠶᠤ᠂ ᠲᠡᠭᠦᠨ ᠡᠴᠡ ᠪᠦᠦ ᠠᠶᠤ᠂〉 ᠶᠣᠬᠣᠸᠠ ᠠᠢᠯᠠᠳᠴᠤ ᠪᠠᠢᠨ᠎ᠠ᠃ ᠪᠢ ᠲᠠ ᠨᠠᠷ ᠲᠠᠢ ᠬᠠᠮᠲᠤ ᠪᠠᠢᠨ᠎ᠠ᠃ ᠪᠢ ᠲᠠ ᠨᠠᠷ ᠢ ᠠᠪᠤᠷᠠᠵᠤ᠂ ᠲᠡᠭᠦᠨ ᠦ ᠭᠠᠷ ᠠᠴᠠ ᠭᠡᠲᠦᠯᠭᠡᠨ᠎ᠡ᠃ 12 ᠪᠢ ᠲᠠ ᠨᠠᠷ ᠲᠤ ᠡᠨᠡᠷᠢᠯ ᠦᠵᠡᠭᠦᠯᠪᠡᠯ᠂ ᠲᠡᠷᠡ ᠴᠤ ᠲᠠ ᠨᠠᠷ ᠢ ᠡᠨᠡᠷᠢᠨ ᠲᠠ ᠨᠠᠷ ᠢ ᠨᠤᠲᠤᠭ ᠤᠷᠤᠭᠤ ᠴᠢᠨᠢ ᠪᠤᠴᠠᠭᠠᠬᠤ ᠪᠣᠯᠣᠨ᠎ᠠ᠃ 13 ᠬᠡᠷᠪᠡ ᠲᠠ ᠨᠠᠷ ᠶᠣᠬᠣᠸᠠ ᠪᠤᠷᠬᠠᠨ ᠤ ᠪᠠᠨ ᠳᠠᠭᠤ ᠶᠢ ᠰᠣᠨᠣᠰᠣᠯ ᠦᠭᠡᠢ᠄ 〈ᠡᠨᠡ ᠨᠤᠲᠤᠭ ᠲᠤ ᠦᠯᠡᠳᠡᠬᠦ ᠦᠭᠡᠢ〉 ᠭᠡᠵᠦ᠂ 14 〈ᠦᠭᠡᠢ᠂ ᠪᠢᠳᠡ ᠶᠧᠵᠢᠫᠲ ᠤᠷᠤᠭᠤ ᠶᠠᠪᠤᠵᠤ᠂ ᠲᠡᠨᠳᠡ ᠰᠠᠭᠤᠶ᠎ᠠ᠃ ᠲᠡᠨᠳᠡ ᠪᠢᠳᠡ ᠳᠠᠢᠨ ᠢ ᠬᠠᠷᠠᠬᠤ ᠦᠭᠡᠢ᠂ ᠪᠦᠷᠢᠶᠡᠨ ᠳᠠᠭᠤ ᠰᠣᠨᠣᠰᠬᠤ ᠦᠭᠡᠢ᠂ ᠬᠦᠨᠡᠰᠦ ᠳᠤᠲᠠᠵᠤ ᠥᠯᠥᠰᠬᠦ ᠦᠭᠡᠢ〉 ᠭᠡᠵᠦ ᠬᠡᠯᠡᠬᠦ ᠶᠤᠮ ᠪᠣᠯ᠂ 15 ᠶᠦᠳᠠ ᠶᠢᠨ ᠦᠯᠡᠳᠡᠭᠰᠡᠳ ᠡ᠂ ᠣᠳᠣ ᠶᠣᠬᠣᠸᠠ ᠶᠢᠨ ᠦᠭᠡ ᠶᠢ ᠰᠣᠨᠣᠰᠴᠠᠭ᠎ᠠ᠃ ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠲᠠ ᠨᠠᠷ ᠦᠨᠡᠬᠡᠷ ᠶᠧᠵᠢᠫᠲ ᠤᠷᠤᠭᠤ ᠶᠠᠪᠤᠬᠤ ᠪᠠᠷ ᠰᠢᠢᠳᠦᠭᠡᠳ ᠲᠡᠨᠳᠡ ᠣᠴᠢᠵᠤ ᠰᠠᠭᠤᠪᠠᠯ᠂ 16 ᠲᠠ ᠨᠠᠷ ᠤᠨ ᠠᠶᠤᠵᠤ ᠪᠠᠢᠭ᠎ᠠ ᠢᠯᠳᠦ ᠶᠧᠵᠢᠫᠲ ᠲᠤ ᠲᠠ ᠨᠠᠷ ᠢ ᠭᠦᠢᠴᠡᠵᠦ᠂ ᠲᠠ ᠨᠠᠷ ᠤᠨ ᠰᠠᠨᠠᠭ᠎ᠠ ᠵᠣᠪᠠᠵᠤ ᠪᠠᠢᠭ᠎ᠠ ᠥᠯᠥᠰᠬᠥᠯᠡᠩ ᠲᠠ ᠨᠠᠷ ᠢ ᠳᠠᠭᠠᠵᠤ ᠲᠡᠨᠳᠡ ᠣᠷᠣᠬᠤ ᠲᠤᠯᠠ ᠲᠠ ᠨᠠᠷ ᠲᠡᠨᠳᠡ ᠦᠬᠦᠨ᠎ᠡ᠃ 17 ᠲᠡᠢᠨ ᠬᠦ ᠶᠧᠵᠢᠫᠲ ᠤᠷᠤᠭᠤ ᠶᠠᠪᠤᠵᠤ᠂ ᠲᠡᠨᠳᠡ ᠰᠠᠭᠤᠬᠤ ᠪᠠᠷ ᠰᠢᠢᠳᠬᠦ ᠬᠥᠮᠦᠨ ᠪᠦᠷᠢ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠦᠬᠦᠬᠦ ᠪᠥᠭᠡᠳ ᠮᠢᠨᠦ ᠪᠠᠭᠤᠯᠭᠠᠬᠤ ᠭᠡᠵᠦ ᠪᠠᠢᠭ᠎ᠠ ᠭᠠᠮᠰᠢᠭ ᠠᠴᠠ ᠠᠮᠢᠳᠤ ᠦᠯᠡᠳᠡᠬᠦ᠂ ᠮᠤᠯᠲᠤᠷᠠᠬᠤ ᠬᠥᠮᠦᠨ ᠪᠠᠢᠬᠤ ᠦᠭᠡᠢ ᠪᠣᠯᠣᠨ᠎ᠠ᠃〉

18 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠪᠢ ᠶᠧᠷᠦ᠋ᠰᠠᠯᠧᠮ ᠤᠨ ᠰᠠᠭᠤᠭᠠᠯᠢᠴᠢᠳ ᠤᠨ ᠳᠡᠭᠡᠷ᠎ᠡ ᠠᠭᠤᠷ᠂ ᠬᠢᠯᠢᠩ ᠢᠶᠠᠨ ᠠᠰᠬᠠᠭᠰᠠᠨ ᠰᠢᠭ᠋ ᠢᠶᠠᠨ ᠶᠧᠵᠢᠫᠲ ᠤᠷᠤᠭᠤ ᠣᠷᠣᠬᠤ ᠳᠤ ᠴᠢᠨᠢ ᠲᠠ ᠨᠠᠷ ᠤᠨ ᠳᠡᠭᠡᠷ᠎ᠡ ᠥᠪᠡᠷ ᠦᠨ ᠢᠶᠠᠨ ᠬᠢᠯᠢᠩ ᠢ ᠠᠰᠬᠠᠬᠤ ᠪᠣᠯᠣᠨ᠎ᠠ᠃ ᠲᠠ ᠨᠠᠷ ᠬᠠᠷᠢᠶᠠᠯ᠂ ᠵᠢᠭ᠍ᠰᠢᠯ᠂ ᠵᠦᠬᠡᠯ᠂ ᠵᠢᠪᠡᠭᠦᠴᠡᠯ ᠪᠣᠯᠬᠤ ᠪᠥᠭᠡᠳ ᠡᠨᠡ ᠭᠠᠵᠠᠷ ᠢ ᠳᠠᠬᠢᠭᠠᠳ ᠬᠠᠷᠠᠬᠤ ᠦᠭᠡᠢ᠃〉 19 ᠶᠦᠳᠠ ᠶᠢᠨ ᠦᠯᠡᠳᠡᠭᠰᠡᠳ ᠡ᠂ ᠶᠣᠬᠣᠸᠠ ᠲᠠ ᠨᠠᠷ ᠲᠤ᠄ 〈ᠶᠧᠵᠢᠫᠲ ᠤᠷᠤᠭᠤ ᠪᠦᠦ ᠶᠠᠪᠤ︕〉 ᠭᠡᠵᠦ ᠠᠢᠯᠠᠳᠴᠤ ᠪᠠᠢᠨ᠎ᠠ᠃ ᠥᠨᠥᠳᠥᠷ ᠦᠨ ᠮᠢᠨᠦ ᠥᠪᠡᠷᠰᠡᠳ ᠲᠦ ᠴᠢᠨᠢ ᠮᠡᠳᠡᠭᠦᠯᠦᠭᠰᠡᠨ ᠢ ᠲᠠ ᠨᠠᠷ ᠪᠠᠲᠤᠲᠠᠢ ᠮᠡᠳᠡᠵᠦ ᠠᠪ᠃ 20 ᠲᠠ ᠨᠠᠷ ᠨᠠᠮᠠᠶᠢ ᠶᠣᠬᠣᠸᠠ ᠪᠤᠷᠬᠠᠨ ᠳᠠᠭᠠᠨ ᠢᠯᠡᠭᠡᠵᠦ᠄ 〈ᠪᠢᠳᠡᠨ ᠦ ᠡᠮᠦᠨ᠎ᠡ ᠡᠴᠡ ᠪᠢᠳᠡᠨ ᠦ ᠪᠤᠷᠬᠠᠨ ᠶᠣᠬᠣᠸᠠ ᠳᠤ ᠳᠠᠭᠠᠳᠬᠠᠵᠤ᠂ ᠲᠡᠭᠦᠨ ᠦ ᠬᠡᠯᠡᠭᠰᠡᠨ ᠪᠣᠯᠭᠠᠨ ᠢ ᠪᠢᠳᠡᠨ ᠳᠦ ᠮᠡᠳᠡᠭᠦᠯ᠂ ᠪᠢᠳᠡ ᠲᠡᠭᠦᠨ ᠢ ᠭᠦᠢᠴᠡᠳᠬᠡᠶ᠎ᠡ〉 ᠭᠡᠵᠦ ᠬᠡᠯᠡᠭᠰᠡᠨ ᠢᠶᠡᠷ ᠢᠶᠠᠨ ᠥᠪᠡᠷᠰᠡᠳ ᠦᠨ ᠢᠶᠠᠨ ᠠᠮᠢᠨ ᠳᠤ ᠠᠶᠤᠯ ᠤᠴᠠᠷᠠᠭᠤᠯᠵᠠᠢ 15 21 ᠲᠠ ᠨᠠᠷ ᠤᠨ ᠪᠤᠷᠬᠠᠨ ᠶᠣᠬᠣᠸᠠ ᠨᠠᠮᠠᠶᠢ ᠢᠯᠡᠭᠡᠨ ᠲᠠ ᠨᠠᠷ ᠲᠤ ᠬᠡᠯᠡᠭᠦᠯᠦᠭᠰᠡᠨ ᠪᠦᠬᠦᠨ ᠢ ᠥᠨᠥᠳᠥᠷ ᠪᠢ ᠲᠠ ᠨᠠᠷ ᠲᠤ ᠮᠡᠳᠡᠭᠦᠯᠦᠭᠰᠡᠨ ᠪᠣᠯᠪᠠᠴᠤ ᠲᠠ ᠨᠠᠷ ᠲᠡᠭᠦᠨ ᠦ ᠳᠠᠭᠤ ᠶᠢ ᠳᠠᠭᠠᠭᠰᠠᠨ ᠦᠭᠡᠢ᠃ 22 ᠣᠳᠣ ᠲᠠ ᠨᠠᠷ ᠪᠠᠲᠤᠲᠠᠢ ᠮᠡᠳᠡᠲᠦᠭᠡᠢ᠃ ᠲᠠ ᠨᠠᠷ ᠣᠴᠢᠵᠤ ᠰᠠᠭᠤᠬᠤ ᠭᠡᠵᠦ ᠪᠠᠢᠭ᠎ᠠ ᠲᠡᠷᠡ ᠭᠠᠵᠠᠷ ᠲᠠᠭᠠᠨ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠦᠬᠦᠨ᠎ᠡ》 ᠭᠡᠪᠡ᠃