1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠭᠤᠴᠢᠨ ᠨᠠᠢ᠌ᠮᠠ
 ᠶᠧᠷᠧᠮᠢᠶ᠎ᠠ ᠨᠥᠭᠡᠴᠡᠯᠡᠭᠦᠷ ᠲᠦ ᠬᠠᠶᠠᠭᠳᠠᠪᠠ

1 ᠮᠠᠲ᠋ᠠᠨ ᠤ ᠬᠦᠦ ᠱᠧᠫᠠᠲ᠋ᠢᠶ᠎ᠠ᠂ ᠫᠠᠱᠦ᠋ᠷ ᠤᠨ ᠬᠦᠦ ᠭᠧᠳᠠᠯᠢᠶ᠎ᠠ᠂ ᠱᠧᠯᠧᠮᠢᠶ᠎ᠠ ᠶᠢᠨ ᠬᠦᠦ ᠶᠦᠺᠠᠯ ᠪᠣᠯᠣᠨ ᠮᠠᠯᠺᠢᠶ᠎ᠠ ᠶᠢᠨ ᠬᠦᠦ ᠫᠠᠱᠦ᠋ᠷ ᠨᠠᠷ ᠶᠧᠷᠧᠮᠢᠶ᠎ᠠ ᠶᠢᠨ ᠪᠦᠬᠦ ᠠᠷᠠᠳ ᠲᠦᠮᠡᠨ ᠳᠦ ᠬᠡᠯᠡᠵᠦ ᠪᠠᠢᠭ᠎ᠠ ᠳᠠᠷᠠᠭᠠᠬᠢ ᠦᠭᠡ ᠶᠢ ᠰᠣᠨᠣᠰᠪᠠ᠄ 2 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠡᠨᠡ ᠬᠣᠲᠠ ᠳᠤ ᠦᠯᠡᠳᠡᠭᠴᠢ ᠨᠢ ᠢᠯᠳᠦ᠂ ᠥᠯᠥᠰᠬᠥᠯᠡᠩ ᠪᠤᠶᠤ ᠲᠠᠬᠤᠯ ᠢᠶᠠᠷ ᠦᠬᠦᠨ᠎ᠡ᠃ ᠬᠠᠷᠢᠨ ᠪᠠᠪᠢᠯᠣᠨᠴᠤᠳ ᠤᠷᠤᠭᠤ ᠭᠠᠷᠴᠤ ᠶᠠᠪᠤᠭᠴᠢ ᠨᠢ ᠠᠮᠢᠳᠤᠷᠠᠨ᠎ᠠ᠂ ᠠᠮᠢ ᠪᠠᠨ ᠣᠯᠵᠠ ᠮᠡᠲᠦ ᠣᠯᠵᠤ ᠠᠮᠢᠳᠤᠷᠠᠨ᠎ᠠ᠃〉 3 ᠶᠣᠬᠣᠸᠠ ᠡᠢᠨ ᠬᠦ ᠠᠢᠯᠠᠳᠴᠤ ᠪᠠᠢᠨ᠎ᠠ᠂ ᠡᠨᠡ ᠬᠣᠲᠠ ᠯᠠᠪᠲᠠᠢ ᠪᠠᠪᠢᠯᠣᠨ ᠤ ᠬᠠᠭᠠᠨ ᠤ ᠴᠡᠷᠢᠭ ᠤᠨ ᠭᠠᠷ ᠲᠤ ᠣᠷᠣᠵᠤ᠂ ᠲᠡᠳᠡᠨ ᠦ ᠭᠠᠷ ᠲᠡᠭᠦᠨ ᠢ ᠡᠵᠡᠯᠡᠨ᠎ᠡ᠃〉》 4 ᠥᠨᠥᠬᠢ ᠲᠦᠰᠢᠮᠡᠳ ᠬᠠᠭᠠᠨ ᠳᠤ᠄ 《ᠡᠨᠡ ᠬᠥᠮᠦᠨ ᠴᠠᠭᠠᠵᠠᠯᠠᠭᠳᠠᠬᠤ ᠶᠣᠰᠣᠲᠠᠢ᠂ ᠲᠡᠷᠡ ᠬᠡᠯᠡᠭᠰᠡᠨ ᠦᠭᠡ ᠪᠡᠷ ᠢᠶᠠᠨ ᠡᠨᠡ ᠬᠣᠲᠠ ᠳᠤ ᠦᠯᠡᠳᠡᠭᠰᠡᠨ ᠳᠠᠢᠴᠢᠳ ᠪᠣᠯᠣᠨ ᠪᠦᠬᠦ ᠠᠷᠠᠳ ᠲᠦᠮᠡᠨ ᠦ ᠤᠷᠮ᠎ᠠ ᠶᠢ ᠬᠤᠭᠤᠯᠵᠤ ᠪᠠᠢᠨ᠎ᠠ᠃ ᠡᠨᠡ ᠬᠥᠮᠦᠨ ᠡᠨᠡ ᠠᠷᠠᠳ ᠲᠦᠮᠡᠨ ᠦ ᠲᠥᠯᠥᠭᠡ ᠠᠮᠤᠷ ᠠᠮᠤᠭᠤᠯᠠᠩ ᠢ ᠪᠤᠰᠤ᠂ ᠬᠣᠣᠷ ᠬᠥᠨᠥᠭᠡᠯ ᠢ ᠡᠷᠢᠯᠬᠢᠯᠡᠵᠦ ᠪᠠᠢᠨ᠎ᠠ》 ᠭᠡᠵᠡᠭᠡᠬᠦ ᠳᠦ᠂ 5 ᠽᠧᠳᠧᠺᠢᠶ᠎ᠠ ᠬᠠᠭᠠᠨ᠄ 《ᠬᠠᠷᠠ᠂ ᠲᠡᠷᠡ ᠲᠠ ᠨᠠᠷ ᠤᠨ ᠭᠠᠷ ᠲᠤ ᠪᠠᠢᠨ᠎ᠠ᠃ ᠬᠠᠭᠠᠨ ᠪᠢ ᠲᠠ ᠨᠠᠷ ᠤᠨ ᠡᠰᠡᠷᠭᠦ ᠶᠠᠭᠤ ᠴᠤ ᠬᠢᠵᠦ ᠴᠢᠳᠠᠬᠤ ᠦᠭᠡᠢ》 ᠭᠡᠪᠡ᠃ 6 ᠲᠡᠳᠡ ᠶᠧᠷᠧᠮᠢᠶ᠎ᠠ ᠶᠢ ᠬᠠᠷᠠᠭᠤᠯ ᠤᠨ ᠬᠦᠷᠢᠶᠡᠨ ᠳᠦ ᠠᠪᠠᠴᠢᠵᠤ᠂ ᠬᠠᠭᠠᠨ ᠤ ᠬᠦᠦ ᠮᠠᠯᠺᠢᠶ᠎ᠠ ᠶᠢᠨ ᠨᠥᠭᠡᠴᠡᠯᠡᠭᠦᠷ ᠲᠦ ᠬᠠᠶᠠᠪᠠ᠃ ᠲᠡᠳᠡ ᠶᠧᠷᠧᠮᠢᠶ᠎ᠠ ᠶᠢ ᠣᠯᠣᠰᠣ ᠪᠠᠷ ᠳᠣᠭᠣᠭᠰᠢ ᠪᠠᠨ ᠪᠠᠭᠤᠯᠭᠠᠵᠠᠢ᠃ ᠨᠥᠭᠡᠴᠡᠯᠡᠭᠦᠷ ᠲᠦ ᠤᠰᠤ ᠦᠭᠡᠢ ᠵᠥᠪᠬᠡᠨ ᠰᠢᠪᠠᠷ ᠰᠢᠪᠬᠠᠢ ᠪᠠᠢᠯ᠎ᠠ᠃ ᠡᠢᠨ ᠬᠦ ᠶᠧᠷᠧᠮᠢᠶ᠎ᠠ ᠰᠢᠪᠠᠷ ᠲᠤ ᠰᠢᠭᠢᠳᠴᠡᠢ᠃

7 ᠬᠠᠭᠠᠨ ᠤ ᠣᠷᠳᠣᠨ ᠤ ᠲᠦᠰᠢᠮᠡᠯ ᠺᠦᠱ ᠬᠥᠮᠦᠨ ᠡᠪᠧᠳ᠋ᠮᠧᠯᠧᠺ ᠲᠡᠳᠡᠨ ᠦ ᠶᠧᠷᠧᠮᠢᠶ᠎ᠠ ᠶᠢ ᠨᠥᠭᠡᠴᠡᠯᠡᠭᠦᠷ ᠲᠦ ᠬᠢᠭᠰᠡᠨ ᠢ ᠰᠣᠨᠣᠰᠴᠠᠢ᠃ ᠬᠠᠭᠠᠨ ᠪᠢᠨᠶᠠᠮᠢᠨ ᠤ ᠬᠠᠭᠠᠯᠭᠠᠨ ᠳᠡᠭᠡᠷ᠎ᠡ ᠰᠠᠭᠤᠵᠤ ᠪᠠᠢᠬᠤ ᠳᠤ᠂ 8 ᠡᠪᠧᠳ᠋ᠮᠧᠯᠧᠺ ᠬᠠᠭᠠᠨ ᠤ ᠣᠷᠳᠣᠨ ᠠᠴᠠ ᠭᠠᠷᠴᠤ ᠢᠷᠡᠨ ᠲᠡᠭᠦᠨ ᠳᠦ᠄ 9 《ᠬᠠᠭᠠᠨ ᠡᠵᠡᠨ ᠮᠢᠨᠢ᠂ ᠲᠡᠷᠡ ᠬᠥᠮᠦᠰ ᠦᠨ ᠡᠰᠢ ᠦᠵᠡᠭᠦᠯᠦᠭᠴᠢ ᠶᠧᠷᠧᠮᠢᠶ᠎ᠠ ᠳᠤ ᠦᠢᠯᠡᠳᠦᠭᠰᠡᠨ ᠪᠦᠬᠦ ᠵᠦᠢᠯ ᠬᠣᠷᠣᠨ ᠮᠠᠭᠤ ᠪᠠᠢᠨ᠎ᠠ᠃ ᠬᠣᠲᠠ ᠳᠤ ᠪᠣᠣᠪᠣ ᠳᠠᠭᠤᠰᠤᠭᠰᠠᠨ᠂ ᠲᠡᠷᠡ ᠪᠠᠰᠠ ᠨᠥᠭᠡᠴᠡᠯᠡᠭᠦᠷ ᠲᠦ ᠬᠠᠶᠠᠭᠳᠠᠭᠰᠠᠨ ᠲᠤᠯᠠ ᠲᠡᠨᠳᠡ ᠥᠯᠪᠡᠷᠴᠦ ᠦᠬᠦᠬᠦ ᠪᠤᠢ》 ᠭᠡᠵᠦ ᠬᠡᠯᠡᠪᠡ᠃ 10 ᠬᠠᠭᠠᠨ ᠺᠦᠱ ᠬᠥᠮᠦᠨ ᠡᠪᠧᠳ᠋ᠮᠧᠯᠧᠺ ᠲᠤ ᠲᠤᠰᠢᠶᠠᠵᠤ᠄ 《ᠡ᠊ᠨᠳᠡ ᠡᠴᠡ ᠭᠤᠴᠢᠨ ᠬᠥᠮᠦᠨ ᠠᠪᠠᠴᠢᠵᠤ᠂ ᠡᠰᠢ ᠦᠵᠡᠭᠦᠯᠦᠭᠴᠢ ᠶᠧᠷᠧᠮᠢᠶ᠎ᠠ ᠶᠢ ᠦᠬᠦᠬᠦ ᠡᠴᠡ ᠨᠢ ᠡᠮᠦᠨ᠎ᠡ ᠨᠥᠭᠡᠴᠡᠯᠡᠭᠦᠷ ᠡᠴᠡ ᠲᠠᠲᠠᠵᠤ ᠭᠠᠷᠭ᠎ᠠ》 ᠭᠡᠬᠦ ᠳᠦ᠂ 11 ᠡᠪᠧᠳ᠋ᠮᠧᠯᠧᠺ ᠬᠥᠮᠦᠰ ᠢ ᠣᠷᠳᠣᠨ ᠤ ᠬᠥᠮᠥᠷᠭᠡ ᠶᠢᠨ ᠳᠣᠣᠷᠠᠬᠢ ᠥᠷᠥᠭᠡᠨ ᠳᠦ ᠠᠪᠠᠴᠢᠵᠤ᠂ ᠲᠡᠨᠳᠡ ᠡᠴᠡ ᠡᠯᠡᠭᠳᠡᠭᠰᠡᠨ ᠬᠤᠪᠴᠠᠰᠤ ᠪᠣᠯᠣᠨ ᠪᠥᠰ ᠦᠨ ᠥᠭᠡᠳᠡᠰᠦ ᠨᠦᠭᠦᠳ ᠢ ᠠᠪᠴᠤ᠂ ᠲᠡᠳᠡᠭᠡᠷ ᠢ ᠨᠥᠭᠡᠴᠡᠯᠡᠭᠦᠷ ᠳᠠᠬᠢ ᠶᠧᠷᠧᠮᠢᠶ᠎ᠠ ᠳᠤ ᠣᠯᠣᠰᠣᠨ ᠤᠶᠠᠭᠠᠰᠤ ᠪᠠᠷ ᠪᠠᠭᠤᠯᠭᠠᠵᠤ ᠥᠭᠪᠡ᠃ 12 ᠺᠦᠱ ᠬᠥᠮᠦᠨ ᠡᠪᠧᠳ᠋ᠮᠧᠯᠧᠺ ᠶᠧᠷᠧᠮᠢᠶ᠎ᠠ ᠳᠤ᠄ 《ᠴᠢ ᠡᠳᠡᠭᠡᠷ ᠡᠯᠡᠭᠳᠡᠭᠰᠡᠨ ᠬᠤᠪᠴᠠᠰᠤ ᠪᠣᠯᠣᠨ ᠪᠥᠰ ᠦᠨ ᠥᠭᠡᠳᠡᠰᠦ ᠨᠦᠭᠦᠳ ᠢ ᠰᠤᠭᠤ ᠪᠣᠯᠣᠨ ᠣᠯᠣᠰᠣᠨ ᠤᠶᠠᠭᠠᠰᠤᠨ ᠤ ᠬᠣᠭᠣᠷᠣᠨᠳᠣᠭᠤᠷ ᠬᠠᠪᠴᠢᠭᠤᠯ》 ᠭᠡᠬᠦ ᠳᠦ᠂ ᠶᠧᠷᠧᠮᠢᠶ᠎ᠠ ᠲᠡᠭᠦᠨᠴᠢᠯᠡᠨ ᠦᠢᠯᠡᠳᠪᠡ᠃ 13 ᠡᠢᠨ ᠬᠦ ᠲᠡᠳᠡ ᠶᠧᠷᠧᠮᠢᠶ᠎ᠠ ᠶᠢ ᠣᠯᠣᠰᠣ ᠪᠠᠷ ᠲᠠᠲᠠᠨ ᠨᠥᠭᠡᠴᠡᠯᠡᠭᠦᠷ ᠡᠴᠡ ᠭᠠᠷᠭᠠᠵᠠᠢ᠃ ᠶᠧᠷᠧᠮᠢᠶ᠎ᠠ ᠬᠠᠷᠠᠭᠤᠯ ᠤᠨ ᠬᠦᠷᠢᠶᠡᠨ ᠳᠦ ᠦᠯᠡᠳᠡᠪᠡ᠃
 ᠽᠧᠳᠧᠺᠢᠶ᠎ᠠ ᠶᠧᠷᠧᠮᠢᠶ᠎ᠠ ᠠᠴᠠ ᠳᠠᠬᠢᠨ ᠯᠠᠪᠯᠠᠪᠠ

14 ᠨᠢᠭᠡᠨ ᠡᠳᠦᠷ ᠽᠧᠳᠧᠺᠢᠶ᠎ᠠ ᠬᠠᠭᠠᠨ ᠬᠥᠮᠦᠨ ᠶᠠᠪᠤᠭᠤᠯᠵᠤ᠂ ᠡᠰᠢ ᠦᠵᠡᠭᠦᠯᠦᠭᠴᠢ ᠶᠧᠷᠧᠮᠢᠶ᠎ᠠ ᠶᠢ ᠶᠣᠬᠣᠸᠠ ᠶᠢᠨ ᠥᠷᠭᠥᠭᠡᠨ ᠦ ᠭᠤᠷᠪᠠᠳᠠᠬᠢ ᠡᠭᠦᠳᠡ ᠤᠷᠤᠭᠤ ᠠᠪᠴᠢᠷᠠᠭᠤᠯᠪᠠ᠃ ᠬᠠᠭᠠᠨ ᠶᠧᠷᠧᠮᠢᠶ᠎ᠠ ᠳᠤ᠄ 《ᠪᠢ ᠴᠢᠮ᠎ᠠ ᠠᠴᠠ ᠨᠢᠭᠡ ᠶᠠᠭᠤᠮ᠎ᠠ ᠠᠰᠠᠭᠤᠬᠤ ᠭᠡᠵᠦ ᠪᠠᠢᠨ᠎ᠠ᠃ ᠨᠠᠳᠠ ᠠᠴᠠ ᠶᠠᠭᠤ ᠴᠤ ᠪᠢᠲᠡᠭᠡᠢ ᠨᠢᠭᠤ》 ᠭᠡᠵᠦ ᠬᠡᠯᠡᠪᠡ᠃ 15 ᠶᠧᠷᠧᠮᠢᠶ᠎ᠠ ᠽᠧᠳᠧᠺᠢᠶ᠎ᠠ ᠳᠤ᠄ 《ᠬᠡᠷᠪᠡ ᠪᠢ ᠲᠠᠨ ᠳᠤ ᠮᠡᠳᠡᠭᠦᠯᠪᠡᠯ᠂ ᠲᠠ ᠨᠠᠮᠠᠶᠢ ᠯᠠᠪᠲᠠᠢ ᠠᠯᠠᠬᠤ ᠪᠢᠰᠢ ᠤᠤ︖ ᠲᠠᠨ ᠳᠤ ᠵᠥᠪᠯᠡᠯᠭᠡ ᠥᠭᠭᠥᠭᠰᠡᠨ ᠴᠤ ᠲᠠ ᠮᠢᠨᠦᠬᠢ ᠶᠢ ᠰᠣᠨᠣᠰᠬᠤ ᠦᠭᠡᠢ ᠪᠠᠢᠬ᠎ᠠ》 ᠭᠡᠪᠡ᠃ 16 ᠽᠧᠳᠧᠺᠢᠶ᠎ᠠ ᠬᠠᠭᠠᠨ ᠶᠧᠷᠧᠮᠢᠶ᠎ᠠ ᠳᠤ ᠰᠡᠮᠬᠡᠨ ᠲᠠᠩ᠋ᠭᠠᠷᠢᠭᠯᠠᠵᠤ᠄ 《ᠪᠢᠳᠡᠨ ᠳᠦ ᠠᠮᠢ ᠥᠭᠭᠥᠭᠰᠡᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠴᠢᠮᠠᠶᠢ ᠠᠯᠠᠬᠤ ᠦᠭᠡᠢ᠂ ᠠᠮᠢ ᠶᠢ ᠴᠢᠨᠢ ᠬᠠᠢᠭᠴᠢ ᠡᠳᠡᠭᠡᠷ ᠬᠥᠮᠦᠰ ᠦᠨ ᠭᠠᠷ ᠲᠤ ᠴᠤ ᠲᠤᠰᠢᠶᠠᠬᠤ ᠦᠭᠡᠢ》 ᠭᠡᠵᠡᠢ᠃

17 ᠶᠧᠷᠧᠮᠢᠶ᠎ᠠ ᠽᠧᠳᠧᠺᠢᠶ᠎ᠠ ᠳᠤ᠄ 《ᠠᠤᠭ᠎ᠠ ᠬᠦᠴᠦᠲᠦ ᠶᠣᠬᠣᠸᠠ ᠪᠤᠷᠬᠠᠨ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ ᠬᠡᠷᠪᠡ ᠴᠢ ᠪᠠᠪᠢᠯᠣᠨ ᠤ ᠬᠠᠭᠠᠨ ᠤ ᠲᠦᠰᠢᠮᠡᠳ ᠲᠦ ᠪᠠᠭᠤᠵᠤ ᠥᠭᠬᠦ ᠯᠠ ᠶᠤᠮ ᠪᠣᠯ ᠠᠮᠢ ᠪᠠᠨ ᠠᠪᠤᠷᠠᠨ᠎ᠠ᠂ ᠡᠨᠡ ᠬᠣᠲᠠ ᠭᠠᠯᠳᠠᠨ ᠰᠢᠲᠠᠭᠠᠭᠳᠠᠬᠤ ᠦᠭᠡᠢ ᠪᠥᠭᠡᠳ ᠴᠢ ᠭᠡᠷ ᠶᠢᠨ ᠬᠢᠨ ᠲᠠᠢ ᠪᠠᠨ ᠬᠠᠮᠲᠤ ᠠᠮᠢᠳᠤ ᠦᠯᠡᠳᠡᠨ᠎ᠡ᠃ 18 ᠬᠠᠷᠢᠨ ᠴᠢ ᠪᠠᠪᠢᠯᠣᠨ ᠤ ᠬᠠᠭᠠᠨ ᠤ ᠲᠦᠰᠢᠮᠡᠳ ᠲᠦ ᠪᠠᠭᠤᠵᠤ ᠥᠭᠬᠦ ᠦᠭᠡᠢ ᠪᠣᠯ᠂ ᠡᠨᠡ ᠬᠣᠲᠠ ᠪᠠᠪᠢᠯᠣᠨᠴᠤᠳ ᠤᠨ ᠭᠠᠷ ᠲᠤ ᠲᠤᠰᠢᠶᠠᠭᠳᠠᠨ᠎ᠠ᠃ ᠲᠡᠳᠡ ᠡᠨᠡ ᠬᠣᠲᠠ ᠶᠢ ᠭᠠᠯᠳᠠᠨ ᠰᠢᠲᠠᠭᠠᠵᠤ᠂ ᠴᠢ ᠥᠪᠡᠷ ᠢᠶᠡᠨ ᠴᠤ ᠲᠡᠳᠡᠨ ᠦ ᠭᠠᠷ ᠠᠴᠠ ᠮᠤᠯᠲᠤᠷᠠᠬᠤ ᠦᠭᠡᠢ〉》 ᠭᠡᠵᠦ ᠬᠡᠯᠡᠵᠡᠢ᠃ 19 ᠽᠧᠳᠧᠺᠢᠶ᠎ᠠ ᠬᠠᠭᠠᠨ ᠶᠧᠷᠧᠮᠢᠶ᠎ᠠ ᠳᠤ᠄ 《ᠪᠢ ᠪᠠᠪᠢᠯᠣᠨᠴᠤᠳ ᠤᠷᠤᠭᠤ ᠤᠷᠭᠤᠭᠰᠠᠨ ᠶᠦᠳᠠᠢᠴᠤᠳ ᠠᠴᠠ ᠠᠶᠤᠳᠠᠭ᠃ ᠪᠠᠪᠢᠯᠣᠨᠴᠤᠳ ᠨᠠᠮᠠᠶᠢ ᠲᠡᠳᠡᠨ ᠦ ᠭᠠᠷ ᠲᠤ ᠲᠤᠰᠢᠶᠠᠵᠤ᠂ ᠲᠡᠳᠡ ᠨᠠᠮᠠᠶᠢ ᠳᠣᠷᠣᠮᠵᠢᠯᠠᠬᠤ ᠪᠤᠢ》 ᠭᠡᠰᠡᠨ ᠳᠦ᠂ 20 ᠶᠧᠷᠧᠮᠢᠶ᠎ᠠ᠄ 《ᠲᠡᠳᠡ ᠲᠠᠨ ᠢ ᠲᠤᠰᠢᠶᠠᠬᠤ ᠦᠭᠡᠢ᠃ ᠲᠠ ᠶᠣᠬᠣᠸᠠ ᠶᠢᠨ ᠨᠠᠳᠠ ᠪᠠᠷ ᠳᠠᠮᠵᠢᠭᠤᠯᠵᠤ ᠪᠠᠢᠭ᠎ᠠ ᠳᠠᠭᠤ ᠶᠢ ᠳᠠᠭᠠᠭᠠᠴᠢ᠃ ᠲᠡᠭᠡᠪᠡᠯ ᠲᠠ ᠰᠠᠢᠨ ᠢ ᠠᠮᠰᠠᠨ᠂ ᠠᠮᠢ ᠪᠠᠨ ᠠᠪᠤᠷᠠᠨ᠎ᠠ᠃ 21 ᠬᠡᠷᠪᠡ ᠲᠠ ᠪᠠᠭᠤᠵᠤ ᠥᠭᠬᠦ ᠦᠭᠡᠢ ᠪᠠᠢᠭᠠᠳ ᠪᠠᠢᠪᠠᠯ᠂ ᠶᠣᠬᠣᠸᠠ ᠶᠢᠨ ᠨᠠᠳᠠ ᠳᠤ ᠬᠠᠷᠠᠭᠤᠯᠤᠭᠰᠠᠨ ᠦᠢᠯᠡ ᠡᠨᠡ ᠪᠠᠢᠨ᠎ᠠ᠄ 22 ᠬᠠᠷᠠ᠂ ᠶᠦᠳᠠ ᠶᠢᠨ ᠬᠠᠭᠠᠨ ᠤ ᠣᠷᠳᠣᠨ ᠳᠤ ᠦᠯᠡᠳᠡᠭᠰᠡᠨ ᠡᠮᠡᠭᠲᠡᠢᠴᠦᠳ ᠪᠦᠭᠦᠳᠡᠭᠡᠷ ᠪᠠᠪᠢᠯᠣᠨ ᠤ ᠬᠠᠭᠠᠨ ᠤ ᠲᠦᠰᠢᠮᠡᠳ ᠲᠦ ᠠᠪᠠᠴᠢᠭᠳᠠᠨ᠎ᠠ᠃ ᠲᠡᠷᠡ ᠡᠮᠡᠭᠲᠡᠢᠴᠦᠳ᠄ 〈ᠢᠲᠡᠭᠡᠭᠰᠡᠨ ᠨᠥᠬᠥᠳ ᠴᠢᠨᠢ ᠲᠥᠭᠡᠷᠢᠭᠦᠯᠦᠨ ᠪᠠᠢᠵᠤ ᠡᠵᠡᠮᠳᠡᠵᠡᠢ᠂ ᠬᠥᠯ ᠴᠢᠨᠢ ᠰᠢᠪᠠᠷ ᠲᠤ ᠰᠢᠭᠢᠳᠬᠦ ᠳᠦ ᠬᠣᠢᠰᠢ ᠪᠠᠨ ᠵᠢᠭᠤᠲᠠᠵᠠᠢ〉
ᠭᠡᠵᠡᠭᠡᠬᠦ ᠪᠣᠯᠣᠨ᠎ᠠ᠃ 23 ᠲᠠᠨ ᠤ ᠪᠦᠬᠦ ᠡᠬᠡᠨᠡᠷ᠂ ᠲᠠᠨ ᠤ ᠬᠥᠪᠡᠭᠦᠳ ᠪᠦᠭᠦᠳᠡᠭᠡᠷ ᠪᠠᠪᠢᠯᠣᠨᠴᠤᠳ ᠲᠤ ᠠᠪᠠᠴᠢᠭᠳᠠᠨ᠎ᠠ᠂ ᠲᠠ ᠴᠤ ᠥᠪᠡᠷ ᠢᠶᠡᠨ ᠲᠡᠳᠡᠨ ᠦ ᠭᠠᠷ ᠠᠴᠠ ᠮᠤᠯᠲᠤᠷᠠᠬᠤ ᠦᠭᠡᠢ᠂ ᠪᠠᠪᠢᠯᠣᠨ ᠤ ᠬᠠᠭᠠᠨ ᠤ ᠭᠠᠷ ᠲᠤ ᠪᠠᠷᠢᠭᠳᠠᠨ᠎ᠠ᠃ ᠲᠠᠨ ᠠᠴᠠ ᠪᠣᠯᠵᠤ ᠡᠨᠡ ᠬᠣᠲᠠ ᠭᠠᠯᠳᠠᠨ ᠰᠢᠲᠠᠭᠠᠭᠳᠠᠬᠤ ᠪᠣᠯᠣᠨ᠎ᠠ》 ᠭᠡᠵᠡᠢ᠃

24 ᠽᠧᠳᠧᠺᠢᠶ᠎ᠠ ᠶᠧᠷᠧᠮᠢᠶ᠎ᠠ ᠳᠤ᠄ 《ᠴᠢ ᠡᠳᠡᠭᠡᠷ ᠦᠭᠡ ᠶᠢ ᠬᠡᠨ ᠳᠦ ᠴᠤ ᠪᠦᠦ ᠮᠡᠳᠡᠭᠳᠡ᠂ ᠡᠰᠡ ᠲᠡᠭᠡᠪᠡᠯ ᠴᠢ ᠦᠬᠦᠨ᠎ᠡ᠃ 25 ᠬᠡᠷᠪᠡ ᠲᠦᠰᠢᠮᠡᠳ ᠮᠢᠨᠦ ᠴᠢᠮ᠎ᠠ ᠲᠠᠢ ᠶᠠᠷᠢᠭᠰᠠᠨ ᠢ ᠰᠣᠨᠣᠰᠣᠭᠠᠳ᠂ ᠴᠢᠮ᠎ᠠ ᠤᠷᠤᠭᠤ ᠢᠷᠡᠵᠦ᠄ 〈ᠴᠢ ᠬᠠᠭᠠᠨ ᠳᠤ ᠶᠠᠭᠤ ᠬᠡᠯᠡᠵᠦ᠂ ᠬᠠᠭᠠᠨ ᠴᠢᠮ᠎ᠠ ᠳᠤ ᠶᠠᠭᠤ ᠬᠡᠯᠡᠭᠰᠡᠨ ᠢ ᠪᠢᠳᠡᠨ ᠳᠦ ᠣᠳᠣ ᠬᠡᠯᠡᠭᠡᠴᠢ᠃ ᠪᠢᠳᠡᠨ ᠡᠴᠡ ᠪᠦᠦ ᠨᠢᠭᠤ᠂ ᠡᠰᠡ ᠲᠡᠭᠡᠪᠡᠯ ᠪᠢᠳᠡ ᠴᠢᠮᠠᠶᠢ ᠠᠯᠠᠨ᠎ᠠ〉 ᠭᠡᠵᠦ ᠬᠡᠯᠡᠪᠡᠯ᠂ 26 ᠴᠢ ᠲᠡᠳᠡᠨ ᠳᠦ᠄ 〈ᠨᠠᠮᠠᠶᠢ ᠶᠣᠨᠠᠲ᠋ᠠᠨ ᠤ ᠭᠡᠷ ᠤᠷᠤᠭᠤ ᠪᠢᠲᠡᠭᠡᠢ ᠪᠤᠴᠠᠭᠠᠭᠠᠴᠢ᠂ ᠪᠢ ᠲᠡᠨᠳᠡ ᠦᠬᠦᠬᠦ ᠪᠤᠢ〉 ᠭᠡᠵᠦ ᠬᠠᠭᠠᠨ ᠠᠴᠠ ᠭᠤᠶᠤᠵᠤ ᠪᠠᠢᠭᠰᠠᠨ ᠭᠡᠵᠦ ᠬᠡᠯᠡᠭᠡᠷᠡᠢ》 ᠭᠡᠪᠡ᠃ 27 ᠦᠨᠡᠬᠡᠷ ᠪᠦᠬᠦ ᠲᠦᠰᠢᠮᠡᠯ ᠶᠧᠷᠧᠮᠢᠶ᠎ᠠ ᠤᠷᠤᠭᠤ ᠢᠷᠡᠵᠦ᠂ ᠲᠡᠭᠦᠨ ᠡᠴᠡ ᠠᠰᠠᠭᠤᠵᠠᠢ᠃ ᠶᠧᠷᠧᠮᠢᠶ᠎ᠠ ᠲᠡᠳᠡᠨ ᠳᠦ ᠬᠠᠭᠠᠨ ᠤ ᠵᠠᠬᠢᠭᠰᠠᠨ ᠪᠦᠬᠦ ᠦᠭᠡ ᠶᠢ ᠶᠠᠷᠢᠭᠰᠠᠨ ᠳᠤ᠂ ᠲᠡᠳᠡ ᠲᠡᠭᠦᠨ ᠲᠡᠢ ᠶᠠᠷᠢᠬᠤ ᠪᠠᠨ ᠪᠣᠯᠢᠪᠠ᠃ ᠲᠡᠳᠡ ᠨᠥᠭᠥᠭᠡ ᠶᠠᠷᠢᠯᠴᠠᠭ᠎ᠠ ᠶᠢ ᠨᠢ ᠰᠣᠨᠣᠰᠣᠭ᠎ᠠ ᠦᠭᠡᠢ ᠪᠠᠢᠯ᠎ᠠ᠃ 28 ᠢᠩᠭᠢᠭᠡᠳ ᠶᠧᠷᠧᠮᠢᠶ᠎ᠠ ᠶᠧᠷᠦ᠋ᠰᠠᠯᠧᠮ ᠡᠵᠡᠯᠡᠭᠳᠡᠬᠦ ᠡᠳᠦᠷ ᠬᠦᠷᠲᠡᠯ᠎ᠡ ᠬᠠᠷᠠᠭᠤᠯ ᠤᠨ ᠬᠦᠷᠢᠶᠡᠨ ᠳᠦ ᠦᠯᠡᠳᠡᠪᠡ᠃