ᠶᠧᠷᠧᠮᠢᠶ᠎ᠠ ᠳᠥᠴᠢᠨ ᠳᠣᠯᠣᠭ᠎ᠠ
ᠹᠢᠯᠢᠰᠲ᠋ᠴᠦᠳ ᠦᠨ ᠲᠠᠯ᠎ᠠ ᠪᠠᠷ ᠬᠢ ᠡᠰᠢ ᠦᠵᠡᠭᠦᠯᠦᠯᠭᠡ
1 ᠹᠠᠷᠠᠣ᠋ ᠭᠠᠽᠠ ᠶᠢ ᠳᠣᠪᠲᠣᠯᠬᠤ ᠠᠴᠠ ᠡᠮᠦᠨ᠎ᠡ ᠹᠢᠯᠢᠰᠲ᠋ᠴᠦᠳ ᠦᠨ ᠲᠠᠯ᠎ᠠ ᠪᠠᠷ ᠶᠣᠬᠣᠸᠠ ᠠᠴᠠ ᠡᠰᠢ ᠦᠵᠡᠭᠦᠯᠦᠭᠴᠢ ᠶᠧᠷᠧᠮᠢᠶ᠎ᠠ ᠳᠤ ᠢᠷᠡᠭᠰᠡᠨ ᠦᠭᠡ᠄
2 ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠬᠣᠢᠲᠤ ᠵᠦᠭ ᠡᠴᠡ ᠤᠰᠤ ᠨᠡᠮᠡᠭᠳᠡᠭᠰᠡᠭᠡᠷ ᠦᠶᠡᠷᠯᠡᠭᠡᠳ ᠭᠠᠵᠠᠷ ᠨᠤᠲᠤᠭ᠂ ᠲᠡᠭᠦᠨ ᠦ ᠳᠡᠭᠡᠷᠡᠬᠢ ᠪᠦᠬᠦᠨ ᠬᠣᠲᠠ ᠪᠣᠯᠣᠨ ᠲᠡᠭᠦᠨ ᠦ ᠪᠦᠬᠦ ᠰᠠᠭᠤᠭᠠᠯᠢᠴᠢᠳ ᠢ ᠨᠥᠮᠥᠷᠬᠦ ᠳᠦ ᠬᠥᠮᠦᠰ ᠬᠠᠰᠬᠢᠷᠴᠤ᠂ ᠨᠤᠲᠤᠭ ᠤᠨ ᠰᠠᠭᠤᠭᠠᠯᠢᠴᠢᠳ ᠪᠦᠭᠦᠳᠡ ᠤᠬᠢᠯᠠᠬᠤ ᠪᠣᠯᠣᠨ᠎ᠠ᠃
3 ᠠᠵᠢᠷᠭ᠎ᠠ ᠨᠤᠭᠤᠳ ᠤᠨ ᠳᠠᠪᠬᠢᠬᠤ ᠲᠤᠭᠤᠷᠠᠢ ᠶᠢᠨ ᠴᠢᠮᠡᠭᠡ ᠳᠠᠢᠰᠤᠨ ᠤ ᠲᠡᠷᠭᠡ ᠨᠦᠭᠦᠳ ᠦᠨ ᠱᠤᠤᠭᠢᠶᠠᠨ᠂ ᠬᠦᠷᠳᠦ ᠨᠦᠭᠦᠳ ᠦᠨ ᠬᠢᠨᠢ ᠲᠦᠷᠴᠢᠭᠢᠨᠡᠬᠦ ᠴᠢᠮᠡᠭᠡᠨ ᠡᠴᠡ ᠪᠣᠯᠵᠤ ᠡᠴᠢᠭᠡ ᠨᠢ ᠵᠣᠷᠢᠭ ᠠᠯᠳᠠᠭᠰᠠᠨ ᠢᠶᠠᠷ ᠬᠡᠦᠬᠡᠳ ᠤᠳ ᠤᠷᠤᠭᠤ ᠪᠠᠨ ᠡᠷᠭᠢᠬᠦ ᠴᠤ ᠦᠭᠡᠢ ᠵᠢᠭᠤᠲᠠᠨ᠎ᠠ᠃
4 ᠪᠦᠬᠦ ᠹᠢᠯᠢᠰᠲ᠋ᠴᠦᠳ ᠢ ᠤᠰᠠᠳᠬᠠᠵᠤ ᠲᠢᠷ ᠪᠠ ᠰᠢᠢᠳᠣᠨ ᠳᠤ ᠲᠤᠰᠠᠯᠠᠬᠤ ᠠᠯᠢᠪᠠ ᠠᠮᠢᠳᠤ ᠦᠯᠡᠳᠡᠭᠰᠡᠳ ᠢ ᠨᠢ ᠴᠤ ᠲᠠᠰᠤᠯᠬᠤ ᠡᠳᠦᠷ ᠢᠷᠡᠯ᠎ᠡ᠂ ᠶᠣᠬᠣᠸᠠ ᠺᠠᠹᠲ᠋ᠣᠷ ᠤᠨ ᠡᠷᠭᠢ ᠡᠴᠡ ᠢᠷᠡᠭᠰᠡᠨ ᠹᠢᠯᠢᠰᠲ᠋ᠴᠦᠳ ᠦᠨ ᠦᠯᠡᠳᠡᠭᠰᠡᠳ ᠢ ᠤᠰᠠᠳᠬᠠᠬᠤ ᠭᠡᠵᠦ ᠪᠠᠢᠨ᠎ᠠ᠃
5 ᠭᠠᠽᠠ ᠭᠠᠰᠢᠭᠤᠳᠠᠨ ᠦᠰᠦ ᠪᠡᠨ ᠬᠤᠰᠤᠯᠠ ᠠᠱᠺᠧᠯᠣᠨ ᠴᠢᠮᠡᠭᠡ ᠦᠭᠡᠢ ᠪᠣᠯᠣᠯ᠎ᠠ ᠬᠡᠭᠡᠷ᠎ᠡ ᠲᠠᠯ᠎ᠠ ᠶᠢᠨ ᠦᠯᠡᠳᠡᠭᠰᠡᠳ ᠡ᠂ ᠬᠡᠵᠢᠶ᠎ᠡ ᠬᠦᠷᠲᠡᠯ᠎ᠡ ᠭᠠᠰᠢᠭᠤᠳᠠᠨ ᠪᠡᠶ᠎ᠡ ᠪᠡᠨ ᠵᠦᠰᠦᠭᠰᠡᠭᠡᠷ ᠪᠠᠢᠬᠤ ᠪᠤᠢ︖
6 ᠥ᠂ ᠶᠣᠬᠣᠸᠠ ᠶᠢᠨ ᠰᠡᠯᠡᠮ᠎ᠡ ᠡ᠂ ᠬᠡᠵᠢᠶ᠎ᠡ ᠴᠢ ᠲᠠᠢᠪᠤᠰᠢᠷᠠᠬᠤ ᠪᠤᠢ︖ ᠬᠤᠢ ᠳᠠᠭᠠᠨ ᠡᠷᠭᠢᠨ ᠣᠷᠣᠭᠠᠳ ᠠᠮᠠᠷᠠ ᠨᠠᠮ ᠵᠢᠮ ᠪᠠᠢ᠃
7 ᠬᠠᠷᠢᠨ ᠶᠣᠬᠣᠸᠠ ᠵᠠᠷᠯᠢᠭ ᠪᠠᠭᠤᠯᠭᠠᠭᠰᠠᠨ ᠪᠠᠢᠬᠤ ᠳᠤ᠂ ᠰᠡᠯᠡᠮ᠎ᠡ ᠨᠢ ᠶᠠᠭᠠᠬᠢᠵᠤ ᠲᠠᠢᠪᠤᠰᠢᠷᠠᠵᠤ ᠴᠢᠳᠠᠬᠤ ᠪᠤᠢ︖ ᠠᠱᠺᠧᠯᠣᠨ ᠪᠣᠯᠣᠨ ᠳᠠᠯᠠᠢ ᠶᠢᠨ ᠡᠷᠭᠢ ᠶᠢ ᠴᠣᠬᠢ ᠭᠡᠵᠦ ᠶᠣᠬᠣᠸᠠ ᠵᠠᠬᠢᠭᠰᠠᠨ ᠪᠢᠯᠡ᠃》