ᠶᠧᠷᠧᠮᠢᠶ᠎ᠠ ᠳᠥᠴᠢᠨ ᠳᠥᠷᠪᠡ
ᠰᠢᠲᠦᠭᠡᠨ ᠨᠦᠭᠦᠳ ᠡᠴᠡ ᠪᠣᠯᠬᠤ ᠭᠠᠮᠰᠢᠭ
1 ᠶᠧᠵᠢᠫᠲ ᠤᠨ ᠮᠢᠭᠳᠣᠯ᠂ ᠲᠠᠬᠫᠠᠨᠬᠧᠰ᠂ ᠮᠧᠮᠹᠢᠰ ᠪᠣᠯᠣᠨ ᠫᠠᠲ᠋ᠷᠣᠰ ᠤᠨ ᠨᠤᠲᠤᠭ ᠲᠤ ᠰᠠᠭᠤᠵᠤ ᠪᠤᠢ ᠪᠦᠬᠦ ᠶᠦᠳᠠᠢᠴᠤᠳ ᠤᠨ ᠲᠠᠯ᠎ᠠ ᠪᠠᠷ ᠶᠧᠷᠧᠮᠢᠶ᠎ᠠ ᠳᠤ ᠦᠭᠡ ᠢᠷᠡᠵᠦ ᠠᠢᠯᠠᠳᠤᠭᠰᠠᠨ ᠨᠢ᠄ 2 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠃ ᠲᠠ ᠨᠠᠷ ᠶᠧᠷᠦ᠋ᠰᠠᠯᠧᠮ ᠪᠣᠯᠣᠨ ᠶᠦᠳᠠ ᠶᠢᠨ ᠪᠦᠬᠦ ᠬᠣᠲᠠ ᠲᠣᠰᠬᠣᠨ ᠳᠤ ᠮᠢᠨᠦ ᠪᠠᠭᠤᠯᠭᠠᠭᠰᠠᠨ ᠪᠦᠬᠦ ᠭᠠᠮᠰᠢᠭ ᠢ ᠬᠠᠷᠠᠭᠰᠠᠨ ᠪᠢᠯᠡ᠃ ᠠᠩ᠋ᠬᠠᠷᠤᠭᠲᠤᠨ᠂ ᠥᠨᠥᠳᠥᠷ ᠲᠡᠳᠡᠭᠡᠷ ᠨᠢ ᠰᠠᠭᠤᠬᠤ ᠬᠥᠮᠦᠨ ᠦᠭᠡᠢ ᠪᠠᠯᠭᠠᠰᠤ ᠪᠣᠯᠣᠭᠰᠠᠨ ᠨᠢ 3 ᠲᠡᠨᠳᠡᠬᠢ ᠶᠢᠨ ᠬᠢᠨ ᠬᠣᠷᠣᠨ ᠮᠠᠭᠤ ᠶᠢ ᠦᠢᠯᠡᠳᠦᠭᠰᠡᠨ ᠦ ᠤᠴᠢᠷ ᠶᠤᠮ᠃ ᠲᠡᠳᠡ ᠥᠪᠡᠷᠰᠡᠳ ᠢᠶᠡᠨ ᠴᠤ᠂ ᠲᠠ ᠨᠠᠷ ᠴᠤ᠂ ᠲᠠ ᠨᠠᠷ ᠤᠨ ᠡᠴᠢᠭᠡ ᠡᠪᠦᠭᠡᠳ ᠴᠤ ᠮᠡᠳᠡᠳᠡᠭ ᠦᠭᠡᠢ ᠥᠭᠡᠷ᠎ᠡ ᠪᠤᠷᠬᠠᠳ ᠲᠤ ᠣᠴᠢᠵᠤ᠂ ᠤᠳᠤᠯᠭ᠎ᠠ ᠤᠭᠤᠭᠢᠭᠤᠯᠤᠨ ᠲᠡᠳᠡᠨ ᠳᠦ ᠦᠢᠯᠡᠴᠢᠯᠡᠵᠦ ᠨᠠᠮᠠᠶᠢ ᠠᠭᠤᠷᠯᠠᠭᠤᠯᠤᠭᠰᠠᠨ ᠪᠢᠯᠡ᠃ 4 ᠬᠡᠳᠦᠢᠪᠡᠷ ᠪᠢ ᠵᠠᠷᠤᠴᠠ ᠡᠰᠢ ᠦᠵᠡᠭᠦᠯᠦᠭᠴᠢᠳ ᠢᠶᠠᠨ ᠳᠠᠬᠢᠨ ᠳᠠᠬᠢᠨ ᠢᠯᠡᠭᠡᠵᠦ᠂ 〈ᠮᠢᠨᠦ ᠦᠵᠡᠨ ᠶᠠᠳᠠᠳᠠᠭ ᠡᠳᠡᠭᠡᠷ ᠵᠢᠭᠰᠢᠭᠦᠷᠢᠲᠦ ᠵᠦᠢᠯ ᠢ ᠪᠦᠦ ᠬᠢ〉 ᠭᠡᠵᠦ ᠬᠡᠯᠡᠭᠦᠯᠦᠭᠰᠡᠨ ᠪᠣᠯᠪᠠᠴᠤ 5 ᠲᠡᠳᠡ ᠴᠢᠬᠢ ᠲᠠᠯᠪᠢᠨ ᠰᠣᠨᠣᠰᠣᠯ ᠦᠭᠡᠢ᠂ ᠥᠭᠡᠷ᠎ᠡ ᠪᠤᠷᠬᠠᠳ ᠲᠤ ᠤᠳᠤᠯᠭ᠎ᠠ ᠤᠭᠤᠭᠢᠭᠤᠯᠤᠭᠰᠠᠭᠠᠷ᠂ ᠬᠣᠷᠣᠨ ᠮᠠᠭᠤ ᠶᠠᠪᠤᠳᠠᠯ ᠠᠴᠠ ᠪᠠᠨ ᠡᠷᠭᠢᠭᠰᠡᠨ ᠦᠭᠡᠢ᠃ 6 ᠲᠡᠢᠮᠦ ᠡᠴᠡ ᠪᠢ ᠠᠭᠤᠷ ᠬᠢᠯᠢᠩ ᠢᠶᠠᠨ ᠠᠰᠬᠠᠵᠤ᠂ ᠶᠦᠳᠠ ᠶᠢᠨ ᠬᠣᠲᠠ ᠲᠣᠰᠬᠣᠨ ᠪᠠ ᠶᠧᠷᠦ᠋ᠰᠠᠯᠧᠮ ᠤᠨ ᠭᠤᠳᠤᠮᠵᠢ ᠨᠤᠭᠤᠳ ᠢ ᠰᠢᠲᠠᠭᠠᠨ ᠲᠡᠳᠡᠭᠡᠷ ᠢ ᠥᠨᠥᠳᠥᠷ ᠦᠨ ᠬᠢ ᠰᠢᠭ ᠡᠵᠡᠭᠦᠢ ᠪᠠᠯᠭᠠᠰᠤ ᠪᠣᠯᠭᠠᠭᠰᠠᠨ ᠶᠤᠮ᠃ 7 ᠣᠳᠣ ᠠᠤᠭ᠎ᠠ ᠬᠦᠴᠦᠲᠦ ᠪᠤᠷᠬᠠᠨ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ ᠲᠠ ᠨᠠᠷ ᠶᠠᠭᠤᠨ ᠳᠤ ᠥᠪᠡᠷᠰᠡᠳ ᠲᠡᠭᠡᠨ ᠭᠠᠢ ᠠᠪᠴᠢᠷᠠᠭᠠᠳ ᠪᠠᠢᠨ᠎ᠠ ᠪᠤᠢ︖ ᠢᠩᠭᠢᠭᠡᠳ ᠶᠦᠳᠠ ᠶᠢᠨ ᠳᠤᠮᠳᠠ ᠡᠷᠡᠭᠲᠡᠢ ᠡᠮᠡᠭᠲᠡᠢ ᠬᠥᠮᠦᠨ᠂ ᠬᠡᠦᠬᠡᠳ ᠨᠢᠯᠬ᠎ᠠ ᠴᠤ ᠤᠰᠠᠳᠤᠭᠠᠳ ᠦᠯᠡᠳᠡᠬᠦ ᠬᠥᠮᠦᠨ ᠦᠭᠡᠢ ᠪᠣᠯᠬᠤ ᠨᠢ ᠡ᠃ 8 ᠲᠠ ᠨᠠᠷ ᠭᠠᠷ ᠤᠨ ᠦᠢᠯᠡᠰ ᠢᠶᠡᠷ ᠢᠶᠠᠨ ᠨᠠᠮᠠᠶᠢ ᠠᠭᠤᠷᠯᠠᠭᠤᠯᠵᠤ᠂ ᠶᠧᠵᠢᠫᠲ ᠲᠤ ᠰᠠᠭᠤᠬᠤ ᠪᠠᠷ ᠢᠷᠡᠭᠰᠡᠨ ᠦ ᠪᠠᠨ ᠬᠣᠢᠨ᠎ᠠ ᠴᠤ ᠥᠭᠡᠷ᠎ᠡ ᠪᠤᠷᠬᠠᠳ ᠲᠤ ᠤᠳᠤᠯᠭ᠎ᠠ ᠤᠭᠤᠭᠢᠭᠤᠯᠵᠤ ᠪᠠᠢᠨ᠎ᠠ᠃ ᠢᠩᠭᠢᠭᠡᠳ ᠲᠠ ᠨᠠᠷ ᠤᠰᠠᠳᠴᠤ ᠳᠡᠯᠡᠬᠡᠢ ᠶᠢᠨ ᠪᠦᠬᠦ ᠦᠨᠳᠦᠰᠦᠲᠡᠨ ᠦ ᠬᠠᠷᠢᠶᠠᠯ ᠪᠣᠯᠣᠨ ᠵᠢᠭ᠍ᠰᠢᠯ ᠪᠣᠯᠬᠤ ᠭᠡᠵᠦ ᠪᠠᠢᠨ᠎ᠠ ᠤᠤ︖ 9 ᠲᠠ ᠨᠠᠷ ᠶᠦᠳᠠ ᠶᠢᠨ ᠨᠤᠲᠤᠭ ᠪᠣᠯᠣᠨ ᠶᠧᠷᠦ᠋ᠰᠠᠯᠧᠮ ᠤᠨ ᠭᠤᠳᠤᠮᠵᠢ ᠨᠤᠭᠤᠳ ᠲᠤ ᠦᠢᠯᠡᠳᠦᠭᠰᠡᠨ ᠡᠴᠢᠭᠡ ᠡᠪᠦᠭᠡᠳ ᠦᠨ ᠢᠶᠠᠨ ᠬᠣᠷᠣᠨ ᠮᠠᠭᠤ ᠶᠠᠪᠤᠳᠠᠯ᠂ ᠶᠦᠳᠠ ᠶᠢᠨ ᠬᠠᠭᠠᠳ ᠪᠣᠯᠣᠨ ᠡᠬᠡᠨᠡᠷ ᠤᠳ ᠤᠨ ᠬᠢᠨᠢ ᠬᠣᠷᠣᠨ ᠮᠠᠭᠤ ᠶᠠᠪᠤᠳᠠᠯ᠂ ᠥᠪᠡᠷᠰᠡᠳ ᠦᠨ ᠪᠣᠯᠣᠨ ᠡᠬᠡᠨᠡᠷ ᠤᠳ ᠤᠨ ᠢᠶᠠᠨ ᠬᠣᠷᠣᠨ ᠮᠠᠭᠤ ᠶᠠᠪᠤᠳᠠᠯ ᠢ ᠮᠠᠷᠲᠠᠭᠰᠠᠨ ᠤᠤ︖ 10 ᠥᠨᠥᠳᠥᠷ ᠬᠦᠷᠲᠡᠯ᠎ᠡ ᠲᠡᠳᠡ ᠭᠡᠮᠰᠢᠯ ᠦᠭᠡᠢ᠂ ᠡᠮᠢᠶᠡᠯ ᠦᠭᠡᠢ ᠪᠠᠷ ᠲᠠ ᠨᠠᠷ ᠪᠣᠯᠣᠨ ᠡᠴᠢᠭᠡ ᠡᠪᠦᠭᠡᠳ ᠲᠦ ᠴᠢᠨᠢ ᠰᠣᠶᠣᠷᠬᠠᠭᠰᠠᠨ ᠬᠠᠤᠯᠢ ᠵᠢᠭᠠᠪᠤᠷᠢ ᠨᠤᠭᠤᠳ ᠢ ᠮᠢᠨᠢ ᠮᠥᠷᠳᠡᠭᠡ ᠦᠭᠡᠢ ᠪᠢᠯᠡ᠃〉
11 ᠡᠢᠮᠦ ᠡᠴᠡ ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠲᠠ ᠨᠠᠷ ᠲᠤ ᠭᠠᠮᠰᠢᠭ ᠪᠠᠭᠤᠯᠭᠠᠵᠤ᠂ ᠪᠦᠬᠦ ᠶᠦᠳᠠ ᠶᠢ ᠤᠰᠠᠳᠬᠠᠬᠤ ᠪᠠᠷ ᠰᠢᠢᠳᠦᠯ᠎ᠡ᠃ 12 ᠶᠧᠵᠢᠫᠲ ᠲᠤ ᠰᠠᠭᠤᠬᠤ ᠪᠠᠷ ᠶᠠᠪᠤᠨ᠎ᠠ ᠭᠡᠵᠦ ᠵᠥᠷᠢᠭᠦᠳᠯᠡᠭᠰᠡᠨ ᠦᠯᠡᠳᠡᠭᠰᠡᠳ ᠢ ᠪᠢ ᠶᠦᠳᠠ ᠠᠴᠠ ᠠᠪᠠᠴᠢᠬᠤ ᠪᠥᠭᠡᠳ ᠲᠡᠳᠡ ᠪᠦᠭᠦᠳᠡ ᠶᠧᠵᠢᠫᠲ ᠲᠤ ᠤᠨᠠᠵᠤ ᠡᠴᠦᠰᠯᠡᠨ᠎ᠡ᠂ ᠲᠡᠳᠡ ᠢᠯᠳᠦᠨ ᠳᠦ᠂ ᠡᠰᠡᠪᠡᠯ ᠥᠯᠥᠰᠬᠥᠯᠡᠩ ᠢᠶᠡᠷ ᠡᠴᠦᠰᠯᠡᠨ᠎ᠡ᠃ ᠬᠡᠦᠬᠡᠳ ᠨᠠᠰᠤᠲᠠᠳ ᠦᠭᠡᠢ ᠢᠯᠳᠦ ᠪᠣᠯᠣᠨ ᠥᠯᠥᠰᠬᠥᠯᠡᠩ ᠢᠶᠡᠷ ᠦᠬᠦᠵᠦ᠂ ᠬᠠᠷᠢᠶᠠᠯ᠂ ᠵᠢᠭ᠍ᠰᠢᠯ᠂ ᠵᠦᠬᠡᠯ ᠪᠣᠯᠣᠨ ᠵᠢᠪᠡᠭᠦᠴᠡᠯ ᠪᠣᠯᠣᠨ᠎ᠠ᠃ 13 ᠪᠢ ᠶᠧᠷᠦ᠋ᠰᠠᠯᠧᠮ ᠢ ᠰᠢᠳᠬᠡᠭᠰᠡᠨ ᠰᠢᠭ ᠢᠶᠠᠨ ᠶᠧᠵᠢᠫᠲ ᠲᠤ ᠰᠠᠭᠤᠵᠤ ᠪᠠᠢᠭ᠎ᠠ ᠬᠥᠮᠦᠰ ᠢ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠰᠢᠳᠬᠡᠨ᠎ᠡ᠃ 14 ᠶᠧᠵᠢᠫᠲ ᠲᠤ ᠰᠠᠭᠤᠬᠤ ᠪᠠᠷ ᠢᠷᠡᠭᠰᠡᠨ ᠶᠦᠳᠠ ᠶᠢᠨ ᠦᠯᠡᠳᠡᠭᠰᠡᠳ ᠦᠨ ᠳᠤᠮᠳᠠ ᠠᠴᠠ ᠳᠦᠷᠪᠡᠵᠦ ᠠᠮᠢᠳᠤ ᠦᠯᠡᠳᠡᠬᠦ ᠬᠥᠮᠦᠨ ᠪᠠᠢᠬᠤ ᠦᠭᠡᠢ᠂ ᠮᠥᠨ ᠶᠦᠳᠠ ᠳᠤ ᠪᠤᠴᠠᠨ ᠣᠴᠢᠵᠤ ᠰᠠᠭᠤᠬᠤ ᠶᠢ ᠬᠦᠰᠡᠭᠰᠡᠨ ᠬᠥᠮᠦᠰ ᠦᠨ ᠳᠤᠮᠳᠠ ᠪᠤᠴᠠᠵᠤ ᠠᠮᠵᠢᠬᠤ ᠬᠥᠮᠦᠨ ᠪᠠᠢᠬᠤ ᠦᠭᠡᠢ᠂ ᠵᠠᠷᠢᠮ ᠳᠦᠷᠪᠡᠭᠰᠡᠳ ᠡᠴᠡ ᠥᠭᠡᠷ᠎ᠡ ᠬᠡᠨ ᠴᠤ ᠪᠤᠴᠠᠵᠤ ᠠᠮᠵᠢᠬᠤ ᠦᠭᠡᠢ〉》 ᠭᠡᠪᠡ᠃
15 ᠡᠬᠡᠨᠡᠷ ᠦᠨ ᠢᠶᠠᠨ ᠥᠭᠡᠷ᠎ᠡ ᠪᠤᠷᠬᠠᠳ ᠲᠤ ᠤᠳᠤᠯᠭ᠎ᠠ ᠤᠭᠤᠭᠢᠭᠤᠯᠵᠤ ᠪᠠᠢᠭ᠎ᠠ ᠶᠢ ᠨᠢ ᠮᠡᠳᠡᠵᠦ ᠪᠠᠢᠭᠰᠠᠨ ᠪᠦᠬᠦ ᠡᠷᠡᠭᠲᠡᠢᠴᠦᠳ᠂ ᠬᠠᠵᠠᠭᠤ ᠳᠤᠨᠢ ᠵᠣᠭᠰᠣᠵᠤ ᠪᠠᠢᠭ᠎ᠠ ᠡᠮᠡᠭᠲᠡᠢᠴᠦᠳ ᠪᠣᠯᠣᠨ ᠶᠧᠵᠢᠫᠲ ᠤᠨ ᠫᠠᠲ᠋ᠷᠣᠰ ᠲᠤ ᠰᠠᠭᠤᠵᠤ ᠪᠠᠢᠭ᠎ᠠ ᠪᠦᠬᠦ ᠬᠥᠮᠦᠰ ᠦᠯᠡᠮᠵᠢ ᠣᠯᠠᠨ ᠢᠶᠠᠷ ᠢᠶᠠᠨ ᠶᠧᠷᠧᠮᠢᠶ᠎ᠠ ᠳᠤ ᠬᠠᠷᠢᠭᠤᠯᠤᠨ᠄ 16 《ᠶᠣᠬᠣᠸᠠ ᠶᠢᠨ ᠨᠡᠷ᠎ᠡ ᠪᠡᠷ ᠬᠡᠯᠡᠭᠰᠡᠨ ᠲᠠᠨ ᠤ ᠦᠭᠡ ᠶᠢ ᠪᠢᠳᠡ ᠳᠠᠭᠠᠬᠤ ᠦᠭᠡᠢ︕ 17 ᠪᠢᠳᠡ ᠠᠮᠠᠨ ᠠᠴᠠ ᠪᠠᠨ ᠭᠠᠷᠭᠠᠭᠰᠠᠨ ᠪᠦᠬᠦ ᠦᠭᠡ ᠪᠡᠨ ᠯᠠᠪᠲᠠᠢ ᠪᠡᠶᠡᠯᠡᠭᠦᠯᠦᠨ ᠲᠩᠷᠢ ᠶᠢᠨ ᠬᠠᠲᠤᠨ ᠳᠤ ᠤᠳᠤᠯᠭ᠎ᠠ ᠤᠭᠤᠭᠢᠭᠤᠯᠵᠤ᠂ ᠲᠡᠭᠦᠨ ᠳᠦ ᠤᠮᠳᠠᠭᠠᠨ ᠡᠷᠭᠦᠯ ᠤᠳ ᠢ ᠴᠢᠳᠬᠤᠨ᠎ᠠ᠃ ᠪᠢᠳᠡ ᠥᠪᠡᠷᠰᠡᠳ ᠢᠶᠡᠨ᠂ ᠪᠢᠳᠡᠨ ᠦ ᠡᠴᠢᠭᠡ ᠡᠪᠦᠭᠡᠳ᠂ ᠪᠢᠳᠡᠨ ᠦ ᠬᠠᠭᠠᠳ ᠨᠣᠶᠠᠳ ᠶᠦᠳᠠ ᠶᠢᠨ ᠬᠣᠲᠠ ᠲᠣᠰᠬᠣᠨ ᠪᠣᠯᠣᠨ ᠶᠧᠷᠦ᠋ᠰᠠᠯᠧᠮ ᠤᠨ ᠭᠤᠳᠤᠮᠵᠢ ᠨᠤᠭᠤᠳ ᠲᠤ ᠲᠡᠢᠨ ᠬᠦ ᠦᠢᠯᠡᠳᠳᠡᠭ ᠪᠠᠢᠭᠰᠠᠨ᠃ ᠲᠡᠷᠡ ᠦᠶ᠎ᠡ ᠳᠦ ᠮᠠᠨ ᠤ ᠬᠢᠨ ᠡᠯᠪᠡᠭ ᠬᠣᠭᠣᠯᠠ ᠬᠦᠨᠡᠰᠦ ᠲᠠᠢ᠂ ᠭᠠᠢ ᠭᠠᠮᠰᠢᠭ ᠦᠭᠡᠢ ᠰᠠᠢᠨ ᠰᠠᠢᠬᠠᠨ ᠪᠠᠢᠭᠰᠠᠨ ᠪᠣᠯᠪᠠᠴᠤ 18 ᠲᠩᠷᠢ ᠶᠢᠨ ᠬᠠᠲᠤᠨ ᠳᠤ ᠤᠳᠤᠯᠭ᠎ᠠ ᠤᠭᠤᠭᠢᠭᠤᠯᠬᠤ᠂ ᠲᠡᠭᠦᠨ ᠳᠦ ᠤᠮᠳᠠᠭᠠᠨ ᠡᠷᠭᠦᠯ ᠤᠳ ᠴᠢᠳᠬᠤᠬᠤ ᠪᠠᠨ ᠪᠣᠯᠢᠭᠰᠠᠨ ᠠᠴᠠ ᠬᠣᠢᠰᠢ ᠶᠠᠭᠤᠮ᠎ᠠ ᠪᠣᠯᠭᠠᠨ ᠢᠶᠠᠷ ᠳᠤᠲᠠᠵᠤ᠂ ᠢᠯᠳᠦ ᠪᠣᠯᠣᠨ ᠥᠯᠥᠰᠬᠥᠯᠡᠩ ᠢᠶᠡᠷ ᠰᠥᠨᠥᠬᠦ ᠪᠣᠯᠣᠯ᠎ᠠ》 ᠭᠡᠵᠡᠭᠡᠪᠡ᠃ 19 ᠡᠮᠡᠭᠲᠡᠢᠴᠦᠳ ᠨᠢ᠄ 《ᠪᠢᠳᠡ ᠲᠩᠷᠢ ᠶᠢᠨ ᠬᠠᠲᠤᠨ ᠳᠤ ᠤᠳᠤᠯᠭ᠎ᠠ ᠤᠭᠤᠭᠢᠭᠤᠯᠵᠤ᠂ ᠲᠡᠭᠦᠨ ᠳᠦ ᠤᠮᠳᠠᠭᠠᠨ ᠡᠷᠭᠦᠯ ᠤᠳ ᠴᠢᠳᠬᠤᠭᠰᠠᠨ ᠴᠤ ᠭᠡᠰᠡᠨ ᠪᠢᠳᠡ ᠶᠠᠮᠠᠷ ᠨᠥᠬᠥᠷ ᠤᠳ ᠤᠨ ᠢᠶᠠᠨ ᠵᠥᠪᠰᠢᠶᠡᠷᠡᠯ ᠦᠭᠡᠢ ᠪᠠᠷ ᠲᠡᠭᠦᠨ ᠦ ᠲᠥᠷᠬᠥ ᠪᠡᠷ ᠪᠣᠣᠪᠣ ᠬᠢᠵᠦ᠂ ᠤᠮᠳᠠᠭᠠᠨ ᠡᠷᠭᠦᠯ ᠴᠢᠳᠬᠤᠭᠰᠠᠨ ᠶᠤᠮ ᠤᠤ︖》 ᠭᠡᠵᠡᠭᠡᠪᠡ᠃
20 ᠶᠧᠷᠧᠮᠢᠶ᠎ᠠ ᠥᠪᠡᠷ ᠲᠤᠨᠢ ᠬᠠᠷᠢᠭᠤᠯᠵᠤ ᠪᠠᠢᠭ᠎ᠠ ᠡᠷᠡᠭᠲᠡᠢ ᠡᠮᠡᠭᠲᠡᠢ ᠪᠦᠬᠦ ᠠᠷᠠᠳ ᠣᠯᠠᠨ ᠲᠤ᠄ 21 《ᠲᠠ ᠨᠠᠷ᠂ ᠲᠠ ᠨᠠᠷ ᠤᠨ ᠡᠴᠢᠭᠡ ᠡᠪᠦᠭᠡᠳ᠂ ᠲᠠ ᠨᠠᠷ ᠤᠨ ᠬᠠᠭᠠᠳ᠂ ᠲᠠ ᠨᠠᠷ ᠤᠨ ᠲᠦᠰᠢᠮᠡᠳ ᠪᠣᠯᠣᠨ ᠲᠡᠷᠡ ᠨᠤᠲᠤᠭ ᠤᠨ ᠠᠷᠠᠳ ᠲᠦᠮᠡᠨ ᠦ ᠶᠦᠳᠠ ᠶᠢᠨ ᠬᠣᠲᠠ ᠲᠣᠰᠬᠣᠳ ᠬᠢᠭᠡᠳ ᠶᠧᠷᠦ᠋ᠰᠠᠯᠧᠮ ᠤᠨ ᠭᠤᠳᠤᠮᠵᠢ ᠨᠤᠭᠤᠳ ᠲᠤ ᠤᠭᠤᠭᠢᠭᠤᠯᠤᠭᠰᠠᠨ ᠤᠲᠤᠯᠭ᠎ᠠ ᠨᠤᠭᠤᠳ ᠢ ᠶᠣᠬᠣᠸᠠ ᠠᠩ᠋ᠬᠠᠷᠴᠤ᠂ ᠰᠡᠳᠬᠢᠯ ᠳᠡᠭᠡᠨ ᠬᠠᠳᠠᠭᠠᠯᠠᠵᠤ ᠪᠠᠢᠭᠰᠠᠨ ᠪᠢᠰᠢ ᠭᠡᠵᠢ ᠤᠤ︖ 22 ᠶᠣᠬᠣᠸᠠ ᠲᠠ ᠨᠠᠷ ᠤᠨ ᠦᠢᠯᠡᠳᠳᠡᠭ ᠬᠣᠷᠣᠨ ᠮᠠᠭᠤ ᠶᠠᠪᠤᠳᠠᠯ ᠤᠳ ᠪᠣᠯᠣᠨ ᠵᠢᠭᠰᠢᠭᠦᠷᠢᠲᠦ ᠵᠦᠢᠯᠡᠰ ᠢ ᠲᠡᠪᠴᠢᠵᠦ ᠴᠢᠳᠠᠬᠤ ᠪᠠᠨ ᠪᠣᠯᠢᠭᠰᠠᠨ ᠲᠤᠯᠠ ᠲᠠᠨ ᠤ ᠨᠤᠲᠤᠭ ᠥᠨᠥᠳᠥᠷ ᠦᠨ ᠬᠢ ᠰᠢᠭ ᠵᠢᠭ᠍ᠰᠢᠯ ᠪᠠ ᠬᠠᠷᠢᠶᠠᠯ ᠪᠣᠯᠵᠤ᠂ ᠰᠠᠭᠤᠭᠠᠯᠢᠴᠢᠳ ᠦᠭᠡᠢ ᠪᠠᠯᠭᠠᠰᠤ ᠪᠣᠯᠣᠭᠰᠠᠨ᠂ 23 ᠲᠠ ᠨᠠᠷ ᠤᠳᠤᠯᠭ᠎ᠠ ᠤᠭᠤᠭᠢᠭᠤᠯᠵᠤ᠂ ᠶᠣᠬᠣᠸᠠ ᠳᠤ ᠨᠢᠭᠦᠯ ᠦᠢᠯᠡᠳᠦᠨ᠂ ᠶᠣᠬᠣᠸᠠ ᠶᠢᠨ ᠳᠠᠭᠤ ᠶᠢ ᠡᠰᠡ ᠳᠠᠭᠠᠨ᠂ ᠲᠡᠭᠦᠨ ᠦ ᠬᠠᠤᠯᠢ᠂ ᠲᠣᠭᠲᠠᠭᠠᠯ ᠤᠳ ᠪᠣᠯᠣᠨ ᠲᠡᠭᠦᠨ ᠦ ᠵᠠᠷᠴᠢᠮ ᠤᠳ ᠢ ᠦᠯᠦ ᠮᠥᠷᠳᠡᠭᠰᠡᠨ ᠡᠴᠡ ᠪᠣᠯᠵᠤ᠂ ᠥᠨᠥᠳᠥᠷ ᠦᠨ ᠬᠢ ᠰᠢᠭ ᠭᠠᠢ ᠭᠠᠮᠰᠢᠭ ᠲᠠ ᠨᠠᠷ ᠲᠤ ᠪᠠᠭᠤᠭᠰᠠᠨ ᠪᠢᠯᠡ》 ᠭᠡᠪᠡ᠃
24 ᠶᠧᠷᠧᠮᠢᠶ᠎ᠠ ᠨᠥᠭᠥᠭᠡ ᠡᠮᠡᠭᠲᠡᠢᠴᠦᠳ ᠪᠣᠯᠣᠨ ᠪᠦᠬᠦ ᠠᠷᠠᠳ ᠲᠦᠮᠡᠨ ᠳᠦ ᠶᠠᠷᠢᠨ᠄ 《ᠶᠧᠵᠢᠫᠲ ᠲᠤ ᠪᠠᠢᠭ᠎ᠠ ᠪᠦᠬᠦ ᠶᠦᠳᠠᠴᠤᠳ ᠡ᠂ ᠶᠣᠬᠣᠸᠠ ᠶᠢᠨ ᠦᠭᠡ ᠶᠢ ᠰᠣᠨᠣᠰᠣᠭᠲᠤᠨ᠃ 25 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠂ ᠲᠠ ᠨᠠᠷ ᠪᠣᠯᠣᠨ ᠲᠠ ᠨᠠᠷ ᠤᠨ ᠡᠬᠡᠨᠡᠷ ᠤᠳ ᠠᠮᠠ ᠪᠠᠷ ᠢᠶᠠᠨ ᠶᠠᠷᠢᠭᠰᠠᠨ ᠢᠶᠠᠨ ᠭᠠᠷ ᠢᠶᠠᠷ ᠢᠶᠠᠨ ᠪᠡᠶᠡᠯᠡᠭᠦᠯᠳᠡᠭ ᠤᠴᠢᠷ 〈ᠪᠢᠳᠡ ᠲᠠᠩ᠋ᠭᠠᠷᠢᠭᠯᠠᠭᠰᠠᠨ ᠢᠶᠠᠨ ᠯᠠᠪᠲᠠᠢ ᠭᠦᠢᠴᠡᠳᠬᠡᠵᠦ᠂ ᠲᠩᠷᠢ ᠶᠢᠨ ᠬᠠᠲᠤᠨ ᠳᠤ ᠤᠳᠤᠯᠭ᠎ᠠ ᠤᠭᠤᠭᠢᠭᠤᠯᠵᠤ᠂ ᠲᠡᠭᠦᠨ ᠳᠦ ᠤᠮᠳᠠᠭᠠᠨ ᠡᠷᠭᠦᠯ ᠤᠳ ᠴᠢᠳᠬᠤᠨ᠎ᠠ〉 ᠭᠡᠵᠦ ᠬᠡᠯᠡᠭᠰᠡᠨ ᠢᠶᠡᠷ ᠢᠶᠠᠨ ᠣᠳᠣ ᠶᠠᠪᠤᠵᠤ᠂ ᠠᠮᠠᠯᠠᠯᠲᠠ ᠨᠤᠭᠤᠳ ᠢᠶᠠᠨ ᠵᠠᠪᠠᠯ ᠭᠦᠢᠴᠡᠳᠬᠡᠵᠦ᠂ ᠲᠠᠩ᠋ᠭᠠᠷᠢᠭ ᠤᠳ ᠢᠶᠠᠨ ᠵᠠᠪᠠᠯ ᠪᠡᠶᠡᠯᠡᠭᠦᠯᠵᠦ ᠦᠵᠡ᠃ 26 ᠭᠡᠪᠡᠴᠦ ᠶᠧᠵᠢᠫᠲ ᠲᠤ ᠰᠠᠭᠤᠵᠤ ᠪᠠᠢᠭ᠎ᠠ ᠪᠦᠬᠦ ᠶᠦᠳᠠᠴᠤᠳ ᠡ᠂ ᠶᠣᠬᠣᠸᠠ ᠶᠢᠨ ᠦᠭᠡ ᠶᠢ ᠰᠣᠨᠣᠰᠣᠭᠲᠤᠨ᠃ ᠶᠣᠬᠣᠸᠠ ᠠᠢᠯᠠᠳᠴᠤ ᠪᠠᠢᠨ᠎ᠠ᠄ 〈ᠬᠠᠷ᠎ᠠ᠂ ᠪᠢ ᠥᠪᠡᠷ ᠦᠨ ᠢᠶᠠᠨ ᠠᠤᠭ᠎ᠠ ᠨᠡᠷ᠎ᠡ ᠪᠡᠷ ᠲᠠᠩ᠋ᠭᠠᠷᠢᠭᠯᠠᠶ᠎ᠠ᠂ ᠶᠧᠵᠢᠫᠲ ᠤᠨ ᠨᠤᠲᠤᠭ ᠳᠠᠶᠠᠭᠠᠷ ᠪᠠᠢᠭ᠎ᠠ ᠶᠦᠳᠠᠴᠤᠳ ᠤᠨ ᠳᠤᠮᠳᠠ 〈ᠡᠵᠡᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ〉 ᠭᠡᠵᠦ ᠠᠮᠠ ᠪᠠᠷ ᠢᠶᠠᠨ ᠲᠠᠩ᠋ᠭᠠᠷᠢᠭᠯᠠᠨ ᠮᠢᠨᠦ ᠨᠡᠷ᠎ᠡ ᠶᠢ ᠳᠠᠭᠤᠳᠠᠬᠤ ᠬᠥᠮᠦᠨ ᠠᠯᠠᠭ᠎ᠠ ᠪᠣᠯᠣᠨ᠎ᠠ᠃ 27 ᠬᠠᠷ᠎ᠠ᠂ ᠪᠢ ᠲᠡᠳᠡᠨ ᠢ ᠬᠠᠷᠠᠭᠤᠯᠳᠠᠭᠰᠠᠭᠠᠷ ᠪᠠᠢᠵᠤ᠂ ᠰᠠᠢᠨ ᠢ ᠪᠤᠰᠤ ᠭᠠᠮᠰᠢᠭ ᠢ ᠪᠠᠭᠤᠯᠭᠠᠨ᠎ᠠ᠃ ᠶᠧᠵᠢᠫᠲ ᠲᠤ ᠪᠠᠢᠭ᠎ᠠ ᠶᠦᠳᠠᠴᠤᠳ ᠢᠯᠳᠦ ᠪᠣᠯᠣᠨ ᠥᠯᠥᠰᠬᠥᠯᠡᠩ ᠢᠶᠡᠷ ᠤᠰᠠᠳᠴᠤ ᠪᠦᠭᠦᠳᠡᠭᠡᠷ ᠰᠥᠨᠥᠬᠦ ᠪᠣᠯᠣᠨ᠎ᠠ᠃ 28 ᠶᠧᠵᠢᠫᠲ ᠡᠴᠡ ᠶᠦᠳᠠ ᠶᠢᠨ ᠨᠤᠲᠤᠭ ᠤᠷᠤᠭᠤ ᠢᠯᠳᠦᠨ ᠡᠴᠡ ᠳᠠᠢᠵᠢᠬᠤ ᠴᠥᠭᠡᠨ ᠬᠡᠳᠦᠨ ᠬᠥᠮᠦᠨ ᠪᠤᠴᠠᠨ᠎ᠠ᠃ ᠶᠧᠵᠢᠫᠲ ᠲᠤ ᠰᠠᠭᠤᠬᠤ ᠪᠠᠷ ᠢᠷᠡᠭᠰᠡᠨ ᠶᠦᠳᠠᠴᠤᠳ ᠠᠴᠠ ᠠᠮᠢᠳᠤ ᠦᠯᠡᠳᠡᠭᠰᠡᠳ ᠪᠦᠭᠦᠳᠡ ᠮᠢᠨᠦ ᠦᠭᠡ ᠪᠣᠯᠣᠨ ᠥᠪᠡᠷᠰᠡᠳ ᠦᠨ ᠬᠢᠨᠢ ᠦᠭᠡ ᠶᠢᠨ ᠠᠯᠢ ᠨᠢ ᠪᠡᠶᠡᠯᠡᠬᠦ ᠶᠢ ᠮᠡᠳᠡᠬᠦ ᠪᠣᠯᠣᠨ᠎ᠠ᠃ 29 ᠶᠣᠬᠣᠸᠠ ᠠᠢᠯᠠᠳᠴᠤ ᠪᠠᠢᠨ᠎ᠠ᠂ 〈ᠲᠠ ᠨᠠᠷ ᠲᠤ ᠭᠠᠮᠰᠢᠭ ᠪᠠᠭᠤᠯᠭᠠᠨ᠎ᠠ〉 ᠭᠡᠰᠡᠨ ᠦᠭᠡ ᠮᠢᠨᠢ ᠦᠨᠡᠬᠡᠷ ᠪᠡᠶᠡᠯᠡᠨ᠎ᠡ ᠭᠡᠳᠡᠭ ᠢ ᠲᠠ ᠨᠠᠷ ᠲᠤ ᠮᠡᠳᠡᠭᠦᠯᠦᠶ᠎ᠡ᠂ ᠡᠨᠡ ᠭᠠᠵᠠᠷ ᠲᠤ ᠲᠠ ᠨᠠᠷ ᠢ ᠰᠢᠳᠬᠡᠨ᠎ᠡ ᠭᠡᠳᠡᠭ ᠢᠶᠡᠨ ᠬᠠᠷᠠᠭᠤᠯᠬᠤ ᠲᠡᠮᠳᠡᠭ ᠮᠠᠨᠢ ᠡᠨᠡ᠄ 30 ᠬᠠᠷ᠎ᠠ᠂ ᠪᠢ ᠶᠦᠳᠠ ᠶᠢᠨ ᠬᠠᠭᠠᠨ ᠽᠧᠳᠧᠺᠢᠶ᠎ᠠ ᠶᠢ ᠲᠡᠭᠦᠨ ᠦ ᠳᠠᠢᠰᠤᠨ᠂ ᠲᠡᠭᠦᠨ ᠦ ᠠᠮᠢ ᠶᠢ ᠡᠷᠢᠵᠦ ᠪᠠᠢᠭᠰᠠᠨ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠭᠠᠷ ᠲᠤ ᠲᠤᠰᠢᠶᠠᠭᠰᠠᠨ ᠲᠠᠢ ᠠᠳᠠᠯᠢ ᠶᠧᠵᠢᠫᠲ ᠤᠨ ᠬᠠᠭᠠᠨ ᠹᠠᠷᠠᠣ᠋ ᠬᠣᠹᠷᠠ ᠶᠢ ᠲᠡᠭᠦᠨ ᠦ ᠠᠮᠢ ᠶᠢ ᠡᠷᠢᠵᠦ ᠪᠤᠢ ᠳᠠᠢᠰᠤᠨ ᠨᠤᠭᠤᠳ ᠤᠨ ᠬᠢᠨᠢ ᠭᠠᠷ ᠲᠤ ᠲᠤᠰᠢᠶᠠᠨ᠎ᠠ᠃ ᠶᠣᠬᠣᠸᠠ ᠠᠢᠯᠠᠳᠴᠤ ᠪᠠᠢᠨ᠎ᠠ》 ᠭᠡᠵᠦ ᠬᠡᠯᠡᠪᠡ᠃