1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠠᠷᠪᠠᠨ ᠨᠢᠭᠡ
 ᠭᠡᠷ᠎ᠡ ᠴᠤᠴᠠᠯᠤᠭᠳᠠᠪᠠ

1 ᠶᠣᠬᠣᠸᠠ ᠠᠴᠠ ᠶᠧᠷᠧᠮᠢᠶ᠎ᠠ ᠳᠤ ᠦᠭᠡ ᠢᠷᠡᠵᠦ᠄ 2 《ᠡᠨᠡ ᠭᠡᠷ᠎ᠡ ᠶᠢᠨ ᠦᠭᠡ ᠶᠢ ᠰᠣᠨᠣᠰᠴᠤ᠂ ᠶᠦᠳᠠ ᠶᠢᠨ ᠠᠷᠠᠳ ᠲᠦᠮᠡᠨ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠲᠤ ᠶᠠᠷᠢ᠃ 3 ᠢᠰᠷᠧᠯ ᠤᠨ ᠪᠤᠷᠬᠠᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ ᠡᠨᠡ ᠭᠡᠷ᠎ᠡ ᠶᠢᠨ ᠦᠭᠡ ᠶᠢ ᠦᠯᠦ ᠳᠠᠭᠠᠭᠴᠢ ᠬᠥᠮᠦᠨ ᠬᠠᠷᠢᠶᠠᠭᠳᠠᠬᠤ ᠪᠣᠯᠣᠨ᠎ᠠ᠃ 4 ᠡᠳᠡᠭᠡᠷ ᠦᠭᠡ ᠶᠢ ᠪᠢ ᠲᠠ ᠨᠠᠷ ᠤᠨ ᠡᠴᠢᠭᠡ ᠡᠪᠦᠭᠡᠳ ᠲᠦ᠂ ᠲᠡᠳᠡᠨ ᠢ ᠲᠡᠮᠦᠷ ᠬᠠᠢᠯᠤᠭᠤᠯᠬᠤ ᠵᠤᠤᠬ᠎ᠠ ᠮᠡᠲᠦ ᠶᠧᠵᠢᠫᠲ ᠡᠴᠡ ᠭᠠᠷᠭᠠᠨ ᠠᠪᠴᠢᠷᠠᠭᠰᠠᠨ ᠲᠡᠷᠡ ᠡᠳᠦᠷ ᠲᠤᠰᠢᠶᠠᠵᠤ᠂ 〈ᠲᠠ ᠨᠠᠷ ᠮᠢᠨᠦ ᠳᠠᠭᠤ ᠶᠢ ᠰᠣᠨᠣᠰᠴᠤ᠂ ᠲᠤᠰᠢᠶᠠᠯ ᠪᠦᠭᠦᠳᠡ ᠶᠢ ᠮᠢᠨᠢ ᠪᠡᠶᠡᠯᠡᠭᠦᠯ᠃ ᠲᠡᠭᠡᠪᠡᠯ ᠲᠠ ᠨᠠᠷ ᠮᠢᠨᠦ ᠠᠷᠠᠳ ᠲᠦᠮᠡᠨ ᠪᠣᠯᠵᠤ᠂ ᠪᠢ ᠲᠠ ᠨᠠᠷ ᠤᠨ ᠪᠤᠷᠬᠠᠨ ᠪᠣᠯᠬᠤ ᠪᠥᠭᠡᠳ 5 ᠪᠢ ᠡᠴᠢᠭᠡ ᠡᠪᠦᠭᠡᠳ ᠲᠦ ᠴᠢᠨᠢ ᠰᠦ᠋ ᠪᠣᠯᠣᠨ ᠪᠠᠯ ᠤᠷᠤᠰᠤᠭᠰᠠᠨ ᠨᠤᠲᠤᠭ ᠢ ᠥᠭᠭᠥᠨ᠎ᠡ ᠭᠡᠵᠦ ᠲᠠᠩ᠋ᠭᠠᠷᠢᠭᠯᠠᠭᠰᠠᠨ ᠲᠠᠩ᠋ᠭᠠᠷᠢᠭ ᠢᠶᠠᠨ ᠪᠡᠶᠡᠯᠡᠭᠦᠯᠦᠨ᠎ᠡ〉 ᠭᠡᠵᠦ ᠬᠡᠯᠡᠭᠰᠡᠨ ᠶᠤᠮ᠃ ᠲᠡᠷᠡ ᠨᠤᠲᠤᠭ ᠥᠨᠥᠳᠥᠷ ᠲᠠ ᠨᠠᠷ ᠤᠨ ᠡᠵᠡᠮᠰᠢᠯ ᠪᠣᠯᠵᠠᠢ》 ᠭᠡᠰᠡᠨ ᠳᠦ᠂ ᠪᠢ᠄ 《ᠠᠮᠧᠨ᠂ ᠶᠣᠬᠣᠸᠠ》 ᠭᠡᠪᠡ᠃

6 ᠶᠣᠬᠣᠸᠠ ᠨᠠᠳᠠ ᠳᠤ ᠠᠢᠯᠠᠳᠤᠨ᠄ 《ᠳᠠᠷᠠᠭᠠᠬᠢ ᠪᠦᠬᠦ ᠦᠭᠡ ᠶᠢ ᠶᠦᠳᠠ ᠶᠢᠨ ᠬᠣᠲᠠ ᠨᠤᠭᠤᠳ ᠪᠣᠯᠣᠨ ᠶᠧᠷᠦ᠋ᠰᠠᠯᠧᠮ ᠤᠨ ᠭᠤᠳᠤᠮᠵᠢ ᠨᠤᠭᠤᠳ ᠲᠤ ᠲᠤᠩ᠋ᠬᠠᠭᠯᠠᠭᠲᠤᠨ᠄ ᠲᠠ ᠨᠠᠷ ᠡᠨᠡ ᠭᠡᠷ᠎ᠡ ᠶᠢᠨ ᠦᠭᠡᠰ ᠢ ᠰᠣᠨᠣᠰᠴᠤ ᠪᠡᠶᠡᠯᠡᠭᠦᠯ᠃ 7 ᠪᠢ ᠲᠠ ᠨᠠᠷ ᠤᠨ ᠡᠴᠢᠭᠡ ᠡᠪᠦᠭᠡᠳ ᠢ ᠶᠧᠵᠢᠫᠲ ᠡᠴᠡ ᠭᠠᠷᠭᠠᠨ ᠠᠪᠴᠢᠷᠠᠭᠰᠠᠨ ᠲᠡᠷᠡ ᠡᠳᠦᠷ ᠡᠴᠡ ᠥᠨᠥᠳᠥᠷ ᠬᠦᠷᠲᠡᠯ᠎ᠡ 〈ᠮᠢᠨᠦ ᠳᠠᠭᠤ ᠶᠢ ᠰᠣᠨᠣᠰ〉 ᠭᠡᠵᠦ ᠠᠬᠢᠨ ᠳᠠᠬᠢᠨ ᠠᠩ᠋ᠬᠠᠷᠤᠭᠤᠯᠤᠭᠰᠠᠨ ᠪᠣᠯᠪᠠᠴᠤ 8 ᠲᠡᠳᠡ ᠴᠢᠬᠢ ᠲᠠᠯᠪᠢᠨ ᠰᠣᠨᠣᠰᠣᠭ᠎ᠠ ᠦᠭᠡᠢ᠂ ᠥᠪᠡᠷ ᠥᠪᠡᠷᠰᠡᠳ ᠦᠨ ᠢᠶᠠᠨ ᠵᠥᠷᠢᠭᠦᠳ ᠮᠠᠭᠤ ᠰᠠᠨᠠᠭ᠎ᠠ ᠶᠢ ᠳᠠᠭᠠᠭᠰᠠᠨ ᠪᠢᠯᠡ᠃ 〈ᠪᠡᠶᠡᠯᠡᠭᠦᠯ〉 ᠭᠡᠵᠦ ᠲᠤᠰᠢᠶᠠᠭᠰᠠᠨ ᠭᠡᠷ᠎ᠡ ᠶᠢᠨ ᠦᠭᠡ ᠶᠢ ᠮᠢᠨᠢ ᠲᠡᠳᠡ ᠪᠡᠶᠡᠯᠡᠭᠦᠯᠦᠭᠰᠡᠨ ᠦᠭᠡᠢ ᠤᠴᠢᠷ ᠠᠴᠠ ᠪᠢ ᠲᠡᠷᠡ ᠭᠡᠷ᠎ᠡ ᠶᠢᠨ ᠪᠦᠬᠦ ᠬᠠᠷᠢᠶᠠᠯ ᠢ ᠲᠡᠳᠡᠨ ᠦ ᠳᠡᠭᠡᠷ᠎ᠡ ᠪᠠᠭᠤᠯᠭᠠᠭᠰᠠᠨ ᠶᠤᠮ》 ᠭᠡᠪᠡ᠃

9 ᠶᠣᠬᠣᠸᠠ ᠨᠠᠳᠠ ᠳᠤ᠄ 《ᠶᠦᠳᠠ ᠶᠢᠨ ᠠᠷᠠᠳ ᠲᠦᠮᠡᠨ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠤᠨ ᠳᠤᠮᠳᠠ ᠬᠤᠤᠪᠢᠯᠳᠤᠭᠠᠨ ᠪᠣᠯᠵᠤ ᠪᠠᠢᠨ᠎ᠠ᠂ 10 ᠲᠡᠳᠡ ᠮᠢᠨᠦ ᠦᠭᠡᠰ ᠢ ᠰᠣᠨᠣᠰᠬᠤ ᠳᠤᠷ᠎ᠠ ᠦᠭᠡᠢ ᠪᠠᠢᠭᠰᠠᠨ ᠡᠴᠢᠭᠡ ᠡᠪᠦᠭᠡᠳ ᠦᠨ ᠢᠶᠠᠨ ᠭᠡᠮ ᠪᠤᠷᠤᠭᠤ ᠤᠷᠤᠭᠤ ᠡᠷᠭᠢᠵᠦ᠂ ᠥᠭᠡᠷ᠎ᠡ ᠪᠤᠷᠬᠠᠳ ᠢ ᠳᠠᠭᠠᠵᠤ᠂ ᠲᠡᠳᠡᠨ ᠳᠦ ᠦᠢᠯᠡᠴᠢᠯᠡᠪᠡ᠃ ᠲᠡᠢᠨ ᠬᠦ ᠢᠰᠷᠧᠯ ᠤᠨ ᠭᠡᠷ ᠴᠤ᠂ ᠶᠦᠳᠠ ᠶᠢᠨ ᠭᠡᠷ ᠴᠤ ᠲᠡᠳᠡᠨ ᠦ ᠡᠴᠢᠭᠡ ᠡᠪᠦᠭᠡᠳ ᠲᠡᠢ ᠨᠢ ᠪᠠᠢᠭᠤᠯᠤᠭᠰᠠᠨ ᠭᠡᠷ᠎ᠡ ᠶᠢ ᠮᠢᠨᠢ ᠵᠥᠷᠢᠴᠡᠵᠡᠢ᠃》 11 ᠲᠡᠢᠮᠦ ᠡᠴᠡ ᠶᠣᠬᠣᠸᠠ ᠪᠢ ᠡᠢᠨ ᠬᠦ ᠠᠢᠯᠠᠳᠴᠤ ᠪᠠᠢᠨ᠎ᠠ᠂ ᠬᠠᠷᠠ᠂ ᠲᠡᠳᠡᠨ ᠦ ᠮᠤᠯᠲᠤᠷᠠᠵᠤ ᠴᠢᠳᠠᠬᠤ ᠪᠠᠷ ᠦᠭᠡᠢ ᠭᠠᠮᠰᠢᠭ ᠢ ᠪᠢ ᠲᠡᠳᠡᠨ ᠳᠦ ᠪᠠᠭᠤᠯᠭᠠᠵᠤ ᠪᠠᠢᠨ᠎ᠠ᠃ ᠲᠡᠳᠡ ᠨᠠᠳᠠ ᠤᠷᠤᠭᠤ ᠬᠠᠰᠬᠢᠷᠤᠭᠰᠠᠨ ᠴᠤ ᠪᠢ ᠰᠣᠨᠣᠰᠬᠤ ᠦᠭᠡᠢ᠂ 12 ᠶᠦᠳᠠ ᠶᠢᠨ ᠬᠣᠲᠠ ᠨᠤᠭᠤᠳ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠤᠲᠤᠯᠭ᠎ᠠ ᠤᠭᠤᠭᠢᠭᠤᠯᠳᠠᠭ ᠪᠤᠷᠬᠠᠳ ᠤᠷᠤᠭᠤ ᠪᠠᠨ ᠣᠴᠢᠵᠤ ᠬᠠᠰᠬᠢᠷᠤᠭᠰᠠᠨ ᠴᠤ ᠭᠠᠢ ᠭᠠᠮᠰᠢᠭ ᠤᠨ ᠬᠢᠨᠢ ᠦᠶ᠎ᠡ ᠳᠦ ᠲᠡᠳᠡ ᠦᠨᠡᠬᠡᠷ ᠠᠪᠤᠷᠠᠬᠤ ᠦᠭᠡᠢ᠃ 13 ᠥ᠂ ᠶᠦᠳᠠ᠂ ᠴᠢ ᠬᠣᠲᠠ ᠨᠤᠭᠤᠳ ᠤᠨ ᠢᠶᠠᠨ ᠲᠣᠭ᠎ᠠ ᠪᠠᠷ ᠪᠤᠷᠬᠠᠳ ᠲᠠᠢ ᠪᠠᠢᠨ᠎ᠠ᠃ ᠲᠠ ᠨᠠᠷ ᠰᠢᠪᠰᠢᠭᠲᠦ ᠰᠢᠲᠦᠭᠡᠨ ᠪᠠᠯ ᠳᠤ ᠤᠲᠤᠯᠭ᠎ᠠ ᠤᠭᠤᠭᠢᠭᠤᠯᠬᠤ ᠪᠠᠷ ᠶᠧᠷᠦ᠋ᠰᠠᠯᠧᠮ ᠤᠨ ᠭᠤᠳᠤᠮᠵᠢ ᠶᠢᠨ ᠲᠣᠭ᠎ᠠ ᠪᠠᠷ ᠲᠠᠬᠢᠯ ᠤᠨ ᠰᠢᠷᠡᠭᠡ ᠶᠢ ᠪᠣᠰᠬᠠᠭᠰᠠᠨ ᠪᠠᠢᠨ᠎ᠠ᠃ 14 ᠲᠡᠢᠮᠦ ᠡᠴᠡ ᠴᠢ ᠡᠨᠡ ᠠᠷᠠᠳ ᠲᠦᠮᠡᠨ ᠦ ᠡᠮᠦᠨ᠎ᠡ ᠡᠴᠡ ᠳᠠᠭᠠᠳᠬᠠᠬᠤ ᠬᠡᠷᠡᠭ ᠦᠭᠡᠢ᠂ ᠲᠡᠳᠡᠨ ᠦ ᠡᠮᠦᠨ᠎ᠡ ᠡᠴᠡ ᠬᠠᠰᠬᠢᠷᠤᠨ ᠳᠠᠭᠠᠳᠬᠠᠯ ᠡᠷᠭᠦᠬᠦ ᠴᠤ ᠬᠡᠷᠡᠭ ᠦᠭᠡᠢ᠃ ᠲᠡᠳᠡ ᠭᠠᠮᠰᠢᠭ ᠤᠨ ᠦᠶ᠎ᠡ ᠳᠦ ᠨᠠᠮᠠᠶᠢ ᠳᠠᠭᠤᠳᠠᠬᠤ ᠳᠤ ᠪᠢ ᠰᠣᠨᠣᠰᠬᠤ ᠦᠭᠡᠢ᠃
15 ᠬᠠᠢᠷᠠᠲᠤ ᠮᠢᠨᠢ᠂ ᠣᠯᠠᠨ ᠪᠤᠵᠠᠷ ᠪᠤᠯᠠᠢ ᠶᠢ ᠬᠢᠴᠢᠬᠡᠭᠡᠳ᠂ ᠪᠠᠰᠠ ᠮᠢᠨᠦ ᠥᠷᠭᠥᠭᠡᠨ ᠳᠦ ᠶᠠᠭᠤ ᠬᠢᠬᠦ ᠭᠡᠵᠦ ᠪᠠᠢᠨ᠎ᠠ ᠪᠤᠢ︖ ᠮᠢᠬ᠎ᠠ ᠡᠷᠭᠦᠭᠰᠡᠨ ᠢᠶᠡᠷ ᠭᠠᠮᠰᠢᠭ ᠥᠪᠡᠷ ᠡᠴᠡ ᠴᠢᠨᠢ ᠵᠠᠢᠯᠠᠨ᠎ᠠ ᠭᠡᠵᠢ ᠤᠤ︖ ᠲᠡᠭᠡᠭᠡᠳ ᠴᠢ ᠴᠡᠩᠭᠡᠯᠳᠦᠨ᠎ᠡ ᠭᠡᠵᠢ ᠤᠤ︖
16 ᠶᠣᠬᠣᠸᠠ ᠪᠢ ᠴᠢᠮᠠᠶᠢ᠄ 《ᠳᠤᠷ᠎ᠠ ᠪᠤᠯᠢᠶᠠᠮ᠎ᠠ ᠵᠢᠮᠢᠰ ᠲᠠᠢ᠂ ᠳᠡᠯᠭᠡᠷ ᠰᠠᠢᠬᠠᠨ ᠴᠢᠳᠦᠨ》 ᠭᠡᠵᠦ ᠨᠡᠷᠡᠯᠡᠭᠰᠡᠨ ᠪᠣᠯᠪᠠᠴᠤ ᠬᠦᠴᠦᠲᠦ ᠰᠢᠭᠤᠷᠭ᠎ᠠ ᠶᠢᠨ ᠴᠢᠮᠡᠭᠡ ᠪᠡᠷ ᠲᠡᠭᠦᠨ ᠳᠡᠭᠡᠷ᠎ᠡ ᠭᠠᠯ ᠨᠣᠴᠣᠵᠤ᠂ ᠮᠥᠴᠢᠷ ᠤᠳ ᠨᠢ ᠬᠤᠭᠤᠷᠠᠬᠤ ᠪᠣᠯᠣᠨ᠎ᠠ᠃
17 ᠴᠢᠮᠠᠶᠢ ᠲᠠᠷᠢᠭᠰᠠᠨ ᠠᠤᠭ᠎ᠠ ᠬᠦᠴᠦᠲᠦ ᠶᠣᠬᠣᠸᠠ ᠴᠢᠮ᠎ᠠ ᠳᠡᠭᠡᠷ᠎ᠡ ᠡᠢᠮᠦ ᠭᠠᠮᠰᠢᠭ ᠢ ᠲᠤᠩ᠋ᠬᠠᠭᠯᠠᠯ᠎ᠠ᠃ ᠤᠴᠢᠷ ᠨᠢ ᠢᠰᠷᠧᠯ ᠤᠨ ᠭᠡᠷ ᠴᠤ᠂ ᠶᠦᠳᠠ ᠶᠢᠨ ᠭᠡᠷ ᠴᠤ ᠪᠤᠵᠠᠷ ᠮᠠᠭᠤ ᠶᠢ ᠦᠢᠯᠡᠳᠦᠨ ᠪᠠᠯ ᠳᠤ ᠲᠠᠬᠢᠯ ᠡᠷᠭᠦᠭᠰᠡᠨ ᠢᠶᠡᠷ ᠢᠶᠠᠨ ᠨᠠᠮᠠᠶᠢ ᠬᠢᠯᠢᠩᠨᠡᠭᠦᠯᠪᠡ᠃
 ᠶᠧᠷᠧᠮᠢᠶ᠎ᠠ ᠶᠢ ᠬᠥᠨᠥᠭᠡᠬᠦ ᠬᠤᠤᠪᠢᠯᠳᠤᠭᠠᠨ

18 ᠶᠣᠬᠣᠸᠠ ᠲᠠ ᠮᠡᠳᠡᠭᠦᠯᠦᠭᠰᠡᠨ ᠢᠶᠡᠷ ᠪᠢ ᠬᠤᠤᠪᠢᠯᠳᠤᠭᠠᠨ ᠢ ᠮᠡᠳᠡᠯ᠎ᠡ᠃ ᠶᠠᠭᠤ ᠬᠢᠵᠦ ᠪᠠᠢᠭ᠎ᠠ ᠶᠢ ᠨᠢ ᠲᠠ ᠨᠠᠳᠠ ᠳᠤ ᠬᠠᠷᠠᠭᠤᠯᠤᠯ᠎ᠠ᠃
19 ᠪᠢ ᠨᠢᠳᠤᠯᠤᠭᠴᠢ ᠪᠠᠷ ᠬᠥᠲᠥᠯᠥᠭᠦᠯᠵᠦ ᠪᠤᠢ ᠨᠣᠮᠣᠬᠠᠨ ᠬᠤᠷᠠᠭ᠎ᠠ ᠮᠡᠲᠦ ᠪᠠᠢᠪᠠ᠂ ᠲᠡᠳᠡ᠄ 《ᠲᠡᠷᠡ ᠮᠣᠳᠣ ᠶᠢ ᠵᠢᠮᠢᠰ ᠲᠠᠢ ᠨᠢ ᠬᠠᠮᠲᠤ ᠤᠰᠠᠳᠬᠠᠶ᠎ᠠ᠂ ᠲᠡᠭᠦᠨ ᠢ ᠠᠮᠢᠳᠤᠷᠠᠭᠰᠠᠳ ᠤᠨ ᠭᠠᠵᠠᠷ ᠠᠴᠠ ᠲᠠᠰᠤᠯᠵᠤ᠂ ᠨᠡᠷ᠎ᠡ ᠶᠢ ᠨᠢ ᠳᠠᠬᠢᠨ ᠳᠤᠷᠠᠰᠤᠰᠢ ᠦᠭᠡᠢ ᠪᠣᠯᠭᠠᠶ᠎ᠠ》 ᠭᠡᠵᠦ ᠨᠠᠮᠠᠶᠢ ᠬᠥᠨᠥᠭᠡᠬᠦ ᠬᠤᠤᠪᠢᠯᠳᠤᠭᠠᠨ ᠵᠣᠬᠢᠶᠠᠵᠤ ᠪᠠᠢᠬᠤ ᠳᠤ᠂ ᠪᠢ ᠮᠡᠳᠡᠭᠡ ᠦᠭᠡᠢ ᠪᠠᠢᠯ᠎ᠠ᠃
20 ᠬᠠᠷᠢᠨ ᠵᠥᠪ ᠰᠢᠳᠤᠷᠭᠤ ᠪᠠᠷ ᠰᠢᠭᠦᠵᠦ ᠰᠠᠨᠠᠭ᠎ᠠ ᠰᠡᠳᠬᠢᠯ ᠢ ᠰᠣᠷᠢᠳᠠᠭ ᠠᠤᠭ᠎ᠠ ᠬᠦᠴᠦᠲᠦ ᠶᠣᠬᠣᠸᠠ ᠲᠠᠨ ᠳᠤ ᠪᠢ ᠬᠡᠷᠡᠭ ᠢᠶᠡᠨ ᠮᠡᠳᠡᠭᠦᠯᠦᠶ᠎ᠡ ᠲᠡᠳᠡᠨ ᠡᠴᠡ ᠥᠰᠢᠶ᠎ᠡ ᠠᠪᠬᠤ ᠪᠠᠨ ᠨᠠᠳᠠ ᠳᠤ ᠬᠠᠷᠠᠭᠤᠯᠤᠭᠠᠴᠢ᠂

21 ᠲᠡᠭᠡᠬᠦ ᠳᠦ ᠶᠣᠬᠣᠸᠠ ᠠᠨᠠᠲ᠋ᠣᠲ ᠤᠨ ᠬᠥᠮᠦᠰ ᠦᠨ ᠲᠠᠯ᠎ᠠ ᠪᠠᠷ ᠠᠢᠯᠠᠳᠤᠨ᠄ 《ᠲᠡᠳᠡ ᠴᠢᠨᠦ ᠠᠮᠢ ᠶᠢ ᠵᠠᠨᠤᠯᠬᠢᠯᠠᠵᠤ 〈ᠶᠣᠬᠣᠸᠠ ᠶᠢᠨ ᠨᠡᠷ᠎ᠡ ᠪᠡᠷ ᠡᠰᠢ ᠦᠵᠡᠭᠦᠯᠬᠦ ᠪᠡᠨ ᠪᠣᠯᠢ᠂ ᠡᠰᠡ ᠲᠡᠭᠡᠪᠡᠯ ᠮᠠᠨ ᠤ ᠡ᠊ᠨᠳᠡ ᠦᠬᠦᠨ᠎ᠡ〉 ᠭᠡᠵᠦ ᠪᠠᠢᠨ᠎ᠠ᠂ 22 ᠲᠡᠢᠮᠦ ᠡᠴᠡ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠂ ᠬᠠᠷᠠ᠂ ᠪᠢ ᠲᠡᠳᠡᠨ ᠢ ᠰᠢᠳᠬᠡᠶ᠎ᠡ᠃ ᠵᠠᠯᠠᠭᠤᠴᠤᠳ ᠨᠢ ᠢᠯᠳᠦᠨ ᠳᠣᠣᠷ᠎ᠠ᠂ ᠬᠥᠪᠡᠭᠦᠳ ᠥᠬᠢᠳ ᠨᠢ ᠥᠯᠥᠰᠬᠥᠯᠡᠩ ᠢᠶᠡᠷ ᠦᠬᠦᠵᠦ᠂ 23 ᠠᠮᠢᠳᠤ ᠦᠯᠡᠳᠡᠭᠰᠡᠳ ᠦᠭᠡᠢ ᠪᠣᠯᠣᠨ᠎ᠠ᠃ ᠲᠡᠢᠨ ᠬᠦ ᠪᠢ ᠰᠢᠳᠬᠡᠯ ᠦᠨ ᠵᠢᠯ ᠳᠡᠭᠡᠨ ᠠᠨᠠᠲ᠋ᠣᠲ ᠤᠨ ᠬᠥᠮᠦᠰ ᠳᠡᠭᠡᠷ᠎ᠡ ᠭᠠᠮᠰᠢᠭ ᠪᠠᠭᠤᠯᠭᠠᠨ᠎ᠠ》 ᠭᠡᠪᠡ᠃