ᠶᠧᠷᠧᠮᠢᠶ᠎ᠠ ᠠᠷᠪᠠᠨ ᠵᠢᠷᠭᠤᠭ᠎ᠠ
ᠭᠠᠮᠰᠢᠭ ᠤᠨ ᠡᠳᠦᠷ
1 ᠶᠣᠬᠣᠸᠠ ᠶᠢᠨ ᠦᠭᠡ ᠨᠠᠳᠠ ᠳᠡᠭᠡᠷ᠎ᠡ ᠢᠷᠡᠵᠦ ᠠᠢᠯᠠᠳᠪᠠ᠄ 2 《ᠴᠢ ᠡᠨᠡ ᠭᠠᠵᠠᠷ ᠲᠤ ᠡᠬᠡᠨᠡᠷ ᠠᠪᠴᠤ ᠪᠣᠯᠬᠤ ᠦᠭᠡᠢ᠂ ᠴᠢᠮ᠎ᠠ ᠳᠤ ᠬᠥᠪᠡᠭᠦᠳ ᠥᠬᠢᠳ ᠴᠤ ᠪᠠᠢᠵᠤ ᠪᠣᠯᠬᠤ ᠦᠭᠡᠢ᠂ 3 ᠡᠨᠡ ᠭᠠᠵᠠᠷ ᠲᠤ ᠲᠥᠷᠥᠬᠦ ᠥᠬᠢᠳ ᠬᠥᠪᠡᠭᠦᠳ᠂ ᠮᠥᠨ ᠲᠡᠳᠡᠨ ᠢ ᠡᠨᠡ ᠨᠤᠲᠤᠭ ᠲᠤ ᠲᠥᠷᠥᠭᠦᠯᠬᠦ ᠡᠴᠢᠭᠡ ᠡᠬᠡᠴᠦᠦᠯ ᠦᠨ ᠬᠢᠨᠢ ᠲᠠᠯ᠎ᠠ ᠪᠠᠷ ᠶᠣᠬᠣᠸᠠ ᠪᠢ ᠬᠡᠯᠡᠶ᠎ᠡ᠄ 4 〈ᠲᠡᠳᠡ ᠠᠶᠤᠮᠰᠢᠭᠲᠤ ᠡᠪᠡᠳᠴᠢᠨ ᠢᠶᠠᠷ ᠦᠬᠦᠨ᠎ᠡ᠂ ᠲᠡᠳᠡᠨ ᠦ ᠲᠥᠯᠥᠭᠡ ᠭᠠᠰᠢᠭᠤᠳᠠᠬᠤ᠂ ᠡᠰᠡᠪᠡᠯ ᠣᠷᠣᠰᠢᠭᠤᠯᠬᠤ ᠬᠥᠮᠦᠨ ᠦᠭᠡᠢ ᠲᠤᠯᠠ ᠲᠡᠳᠡ ᠭᠠᠵᠠᠷ ᠳᠡᠭᠡᠷᠡᠬᠢ ᠢᠯᠭᠠᠳᠠᠰᠤ ᠮᠡᠲᠦ ᠪᠣᠯᠣᠨ᠎ᠠ᠃ ᠢᠯᠳᠦ ᠪᠤᠶᠤ ᠥᠯᠥᠰᠬᠥᠯᠡᠩ ᠢᠶᠡᠷ ᠰᠥᠨᠥᠭᠰᠡᠨ ᠬᠡᠭᠦᠷ ᠤᠳ ᠨᠢ ᠲᠩᠷᠢ ᠶᠢᠨ ᠰᠢᠪᠠᠭᠤᠳ ᠪᠣᠯᠣᠨ ᠭᠠᠵᠠᠷ ᠤᠨ ᠠᠷᠢᠶᠠᠲᠠᠳ ᠤᠨ ᠢᠳᠡᠰᠢ ᠪᠣᠯᠣᠨ᠎ᠠ᠃〉
5 ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢ ᠭᠠᠰᠢᠭᠤᠳᠠᠯ ᠲᠠᠢ ᠠᠢᠯ ᠳᠤ ᠪᠦᠦ ᠣᠷᠣ᠂ ᠡᠮᠭᠡᠨᠢᠯ ᠢᠶᠠᠨ ᠢᠯᠡᠷᠬᠡᠶᠢᠯᠡᠬᠦ᠂ ᠡᠰᠡᠪᠡᠯ ᠲᠠᠢᠳᠬᠤᠷᠠᠭᠤᠯᠬᠤ ᠪᠠᠷ ᠪᠦᠦ ᠶᠠᠪᠤ᠃ ᠪᠢ ᠡᠨᠡ ᠠᠷᠠᠳ ᠲᠦᠮᠡᠨ ᠳᠦ ᠥᠭᠭᠥᠭᠰᠡᠨ ᠢᠪᠡᠭᠡᠯ ᠢᠶᠡᠨ ᠬᠠᠢᠷ᠎ᠠ ᠡᠨᠡᠷᠢᠯ ᠤᠨ ᠢᠶᠠᠨ ᠬᠠᠮᠲᠤ ᠪᠤᠴᠠᠭᠠᠵᠤ ᠠᠪᠤᠭᠰᠠᠨ᠂〉 ᠶᠣᠬᠣᠸᠠ ᠪᠢ ᠠᠢᠯᠠᠳᠴᠤ ᠪᠠᠢᠨ᠎ᠠ᠃ 6 ᠶᠡᠬᠡᠰ ᠳᠣᠣᠷᠠᠳᠤᠰ ᠢᠯᠭᠠᠯ ᠦᠭᠡᠢ ᠪᠦᠭᠦᠳᠡᠭᠡᠷ ᠢᠶᠡᠨ ᠡᠨᠡ ᠭᠠᠵᠠᠷ ᠲᠤ ᠦᠬᠦᠨ᠎ᠡ᠃ ᠬᠠᠷᠢᠨ ᠲᠡᠳᠡᠨ ᠢ ᠣᠷᠣᠰᠢᠭᠤᠯᠬᠤ᠂ ᠡᠰᠡᠪᠡᠯ ᠲᠡᠳᠡᠨ ᠦ ᠲᠥᠯᠥᠭᠡ ᠭᠠᠰᠢᠭᠤᠳᠠᠵᠤ ᠪᠡᠶ᠎ᠡ ᠪᠡᠨ ᠵᠦᠰᠦᠬᠦ ᠪᠤᠶᠤ ᠲᠣᠯᠣᠭᠠᠢ ᠶᠢᠨ ᠦᠰᠦ ᠪᠡᠨ ᠬᠤᠰᠤᠬᠤ ᠬᠥᠮᠦᠨ ᠠᠯᠠᠭ᠎ᠠ᠂ 7 ᠭᠠᠰᠢᠭᠤᠳᠠᠭᠴᠢ ᠶᠢ ᠲᠠᠢᠪᠤᠰᠢᠷᠠᠭᠤᠯᠬᠤ ᠪᠠᠷ ᠲᠡᠭᠦᠨ ᠲᠡᠢ ᠪᠣᠣᠪᠣ ᠬᠤᠪᠢᠶᠠᠯᠴᠠᠬᠤ ᠬᠥᠮᠦᠨ ᠴᠤ᠂ ᠡᠴᠢᠭᠡ ᠡᠬᠡ ᠪᠡᠨ ᠠᠯᠳᠠᠭᠰᠠᠨ ᠬᠥᠮᠦᠨ ᠳᠦ ᠠᠶᠠᠭ᠎ᠠ ᠶᠢ ᠥᠭᠴᠦ ᠤᠤᠭᠤᠯᠭᠠᠨ ᠲᠠᠢᠪᠤᠰᠢᠷᠠᠭᠤᠯᠬᠤ ᠬᠥᠮᠦᠨ ᠴᠤ ᠦᠭᠡᠢ ᠪᠣᠯᠣᠨ᠎ᠠ᠃ 8 ᠴᠢ ᠨᠠᠢᠷ ᠬᠢᠵᠦ ᠪᠤᠢ ᠠᠢᠯ ᠳᠤ ᠴᠤ ᠪᠦᠦ ᠣᠴᠢ᠂ ᠲᠡᠳᠡᠨ ᠲᠡᠢ ᠬᠠᠮᠲᠤ ᠰᠠᠭᠤᠨ ᠢᠳᠡᠵᠦ ᠤᠤᠭᠤᠵᠤ ᠪᠣᠯᠬᠤ ᠦᠭᠡᠢ᠃ 9 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠴᠢᠨᠦ ᠴᠠᠭ ᠦᠶ᠎ᠡ ᠳᠦ᠂ ᠴᠢᠨᠦ ᠨᠢᠳᠦᠨ ᠦ ᠡᠮᠦᠨ᠎ᠡ ᠰᠦᠢᠲᠦ ᠵᠠᠯᠠᠭᠤ ᠪᠣᠯᠣᠨ ᠰᠦᠢᠲᠦ ᠪᠦᠰᠡᠭᠦᠢ ᠶᠢᠨ ᠳᠠᠭᠤ᠂ ᠪᠠᠶᠠᠷ ᠬᠥᠷ ᠦᠨ ᠳᠠᠭᠤ ᠶᠢ ᠡᠨᠡ ᠭᠠᠵᠠᠷ ᠠᠴᠠ ᠵᠣᠭᠰᠣᠭᠠᠨ᠎ᠠ᠃〉》
10 《ᠴᠢ ᠡᠳᠡᠭᠡᠷ ᠪᠦᠬᠦ ᠦᠭᠡ ᠶᠢ ᠡᠨᠡ ᠠᠷᠠᠳ ᠲᠦᠮᠡᠨ ᠳᠦ ᠳᠤᠭᠤᠯᠭᠠᠪᠠᠯ ᠲᠡᠳᠡ ᠴᠢᠮ᠎ᠠ ᠳᠤ᠄ 〈ᠶᠠᠮᠠᠷ ᠤᠴᠢᠷ ᠠᠴᠠ ᠶᠣᠬᠣᠸᠠ ᠡᠳᠡᠭᠡᠷ ᠶᠡᠬᠡ ᠭᠠᠮᠰᠢᠭ ᠢ ᠪᠢᠳᠡᠨ ᠳᠦ ᠲᠤᠩ᠋ᠬᠠᠭᠯᠠᠭᠰᠠᠨ ᠶᠤᠮ ᠪᠤᠢ︖ ᠪᠢᠳᠡᠨ ᠦ ᠭᠡᠮ ᠪᠤᠷᠤᠭᠤ ᠨᠢ ᠶᠠᠭᠤ ᠶᠤᠮ ᠪᠤᠢ︖ ᠪᠢᠳᠡ ᠶᠣᠬᠣᠸᠠ ᠪᠤᠷᠬᠠᠨ ᠳᠠᠭᠠᠨ ᠶᠠᠮᠠᠷ ᠨᠢᠭᠦᠯ ᠦᠢᠯᠡᠳᠦᠭᠰᠡᠨ ᠶᠤᠮ ᠪᠤᠢ︖〉 ᠭᠡᠵᠦ ᠬᠡᠯᠡᠨ᠎ᠡ᠃ 11 ᠲᠡᠭᠡᠬᠦ ᠳᠦ ᠴᠢ᠄ 〈ᠶᠣᠬᠣᠸᠠ ᠡᠢᠨ ᠬᠦ ᠠᠢᠯᠠᠳᠴᠤ ᠪᠠᠢᠨ᠎ᠠ᠃ ᠤᠴᠢᠷ ᠨᠢ ᠲᠠ ᠨᠠᠷ ᠤᠨ ᠡᠴᠢᠭᠡ ᠡᠪᠦᠭᠡᠳ ᠨᠠᠮᠠᠶᠢ ᠣᠷᠬᠢᠭᠰᠠᠨ ᠶᠤᠮ᠃ ᠲᠡᠳᠡ ᠥᠭᠡᠷ᠎ᠡ ᠪᠤᠷᠬᠠᠳ ᠢ ᠳᠠᠭᠠᠨ᠂ ᠲᠡᠳᠡᠨ ᠳᠦ ᠦᠢᠯᠡᠴᠢᠯᠡᠨ᠂ ᠲᠡᠳᠡᠨ ᠳᠦ ᠮᠥᠷᠭᠥᠵᠦ᠂ ᠮᠢᠨᠦ ᠬᠠᠤᠯᠢ ᠶᠢ ᠰᠠᠬᠢᠭ᠎ᠠ ᠦᠭᠡᠢ᠂ ᠨᠠᠮᠠᠶᠢ ᠣᠷᠬᠢᠭᠰᠠᠨ ᠪᠠᠢᠬᠤ ᠳᠤ 12 ᠲᠠ ᠨᠠᠷ ᠴᠤ ᠡᠴᠢᠭᠡ ᠡᠪᠦᠭᠡᠳ ᠡᠴᠡ ᠪᠡᠨ ᠢᠯᠡᠭᠦᠦ ᠪᠡᠷ ᠬᠣᠷᠣᠨ ᠮᠠᠭᠤ ᠶᠢ ᠦᠢᠯᠡᠳᠦᠭᠰᠡᠨ ᠪᠢᠯᠡ᠃ ᠬᠠᠷ᠎ᠠ᠂ ᠲᠠ ᠨᠠᠷ ᠤᠨ ᠬᠥᠮᠦᠨ ᠪᠣᠯᠭᠠᠨ ᠮᠢᠨᠦᠬᠢ ᠶᠢ ᠰᠣᠨᠣᠰᠣᠯ ᠦᠭᠡᠢ᠂ ᠵᠥᠷᠢᠭᠦᠳ ᠮᠠᠭᠤ ᠰᠠᠨᠠᠭ᠎ᠠ ᠪᠠᠨ ᠳᠠᠭᠠᠨ ᠶᠠᠪᠤᠵᠤ ᠪᠠᠢᠨ᠎ᠠ᠃ 13 ᠲᠡᠢᠮᠦ ᠡᠴᠡ ᠪᠢ ᠲᠠ ᠨᠠᠷ ᠢ ᠡᠨᠡ ᠨᠤᠲᠤᠭ ᠠᠴᠠ ᠭᠠᠷᠭᠠᠵᠤ᠂ ᠲᠠ ᠨᠠᠷ ᠴᠤ᠂ ᠡᠴᠢᠭᠡ ᠡᠪᠦᠭᠡᠳ ᠴᠢᠨᠢ ᠴᠤ ᠮᠡᠳᠡᠬᠦ ᠦᠭᠡᠢ ᠨᠤᠲᠤᠭ ᠤᠷᠤᠭᠤ ᠰᠢᠳᠡᠨ᠎ᠡ᠃ ᠲᠡᠨᠳᠡ ᠲᠠ ᠨᠠᠷ ᠥᠭᠡᠷ᠎ᠡ ᠪᠤᠷᠬᠠᠳ ᠲᠤ ᠡᠳᠦᠷ ᠰᠥᠨᠢ ᠦᠭᠡᠢ ᠦᠢᠯᠡᠴᠢᠯᠡᠬᠦ ᠪᠣᠯᠣᠨ᠎ᠠ᠃ ᠪᠢ ᠲᠠ ᠨᠠᠷ ᠢ ᠣᠭᠲᠣᠬᠠᠨ ᠴᠤ ᠨᠢᠭᠦᠯᠡᠰᠦᠬᠦ ᠦᠭᠡᠢ〉 ᠭᠡᠵᠦ ᠬᠡᠯᠡ᠃》
14 ᠶᠣᠬᠣᠸᠠ ᠪᠢ ᠠᠢᠯᠠᠳᠴᠤ ᠪᠠᠢᠨ᠎ᠠ᠃ ᠬᠠᠷᠢᠨ ᠠᠩ᠋ᠬᠠᠷᠤᠭᠲᠤᠨ᠂ ᠬᠥᠮᠦᠰ 《ᠢᠰᠷᠧᠯᠴᠦᠳ ᠢ ᠶᠧᠵᠢᠫᠲ ᠡᠴᠡ ᠭᠠᠷᠭᠠᠭᠰᠠᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ》 ᠭᠡᠵᠦ ᠬᠡᠯᠡᠬᠦ ᠶᠢᠨ ᠣᠷᠣᠨ ᠳᠤ᠂ 15 《ᠢᠰᠷᠧᠯᠴᠦᠳ ᠢ ᠬᠣᠢᠲᠤ ᠵᠦᠭ ᠦᠨ ᠨᠤᠲᠤᠭ ᠠᠴᠠ᠂ ᠲᠡᠳᠡᠨ ᠢ ᠬᠥᠭᠡᠭᠡᠵᠦ ᠣᠴᠢᠭᠤᠯᠤᠭᠰᠠᠨ ᠪᠦᠬᠦ ᠨᠤᠲᠤᠭ ᠠᠴᠠ ᠠᠪᠴᠢᠷᠠᠭᠰᠠᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ》 ᠭᠡᠵᠦ ᠬᠡᠯᠡᠬᠦ ᠡᠳᠦᠷ ᠤᠳ ᠢᠷᠡᠵᠦ ᠪᠠᠢᠨ᠎ᠠ︕ ᠦᠨᠡᠬᠡᠷ ᠪᠢ ᠡᠴᠢᠭᠡ ᠡᠪᠦᠭᠡᠳ ᠲᠤᠨᠢ ᠥᠭᠭᠥᠭᠰᠡᠨ ᠥᠪᠡᠷᠰᠡᠳ ᠦᠨ ᠬᠢᠨᠢ ᠨᠤᠲᠤᠭ ᠲᠤ ᠲᠡᠳᠡᠨ ᠢ ᠪᠤᠴᠠᠭᠠᠬᠤ ᠪᠣᠯᠣᠨ᠎ᠠ᠃
16 ᠬᠠᠷᠢᠨ ᠪᠢ ᠣᠳᠣ ᠲᠡᠳᠡᠨ ᠢ ᠪᠠᠷᠢᠬᠤ ᠣᠯᠠᠨ ᠵᠢᠭᠠᠰᠤᠴᠢᠨ ᠢ ᠶᠠᠪᠤᠭᠤᠯᠵᠤ ᠪᠠᠢᠨ᠎ᠠ᠂ ᠶᠣᠬᠣᠸᠠ ᠪᠢ ᠠᠢᠯᠠᠳᠴᠤ ᠪᠠᠢᠨ᠎ᠠ᠃ ᠳᠠᠷᠠᠭ᠎ᠠ ᠨᠢ ᠪᠢ ᠣᠯᠠᠨ ᠠᠩᠴᠢᠨ ᠶᠠᠪᠤᠭᠤᠯᠵᠤ᠂ ᠠᠭᠤᠯᠠ ᠳᠠᠪᠠᠭ᠎ᠠ ᠪᠦᠷᠢ ᠡᠴᠡ᠂ ᠬᠠᠳᠠᠨ ᠤ ᠠᠩ ᠴᠠᠪᠠ ᠠᠴᠠ ᠲᠡᠳᠡᠨ ᠢ ᠠᠩᠨᠠᠭᠤᠯᠤᠨᠠ᠃ 17 ᠨᠢᠳᠦ ᠮᠢᠨᠢ ᠲᠡᠳᠡᠨ ᠦ ᠪᠦᠬᠦ ᠵᠠᠮ ᠳᠡᠭᠡᠷ᠎ᠡ ᠪᠠᠢᠨ᠎ᠠ᠃ ᠨᠢᠭᠤᠷ ᠠᠴᠠ ᠮᠢᠨᠢ ᠲᠡᠳᠡ ᠨᠢᠭᠤᠭᠳᠠᠰᠢ ᠦᠭᠡᠢ᠂ ᠭᠡᠮ ᠪᠤᠷᠤᠭᠤ ᠨᠢ ᠮᠢᠨᠦ ᠨᠢᠳᠦᠨ ᠡᠴᠡ ᠳᠠᠯᠳᠠᠯᠠᠭᠳᠠᠬᠤ ᠦᠭᠡᠢ᠃ 18 ᠤᠷᠢᠳᠠᠪᠠᠷ ᠪᠢ ᠲᠡᠳᠡᠨ ᠦ ᠭᠡᠮ ᠨᠢᠭᠦᠯ ᠳᠦ ᠳᠠᠪᠬᠤᠷ ᠬᠠᠷᠢᠭᠤ ᠥᠭᠭᠥᠨ᠎ᠡ᠃ ᠤᠴᠢᠷ ᠨᠢ ᠲᠡᠳᠡ ᠮᠢᠨᠦ ᠭᠠᠵᠠᠷ ᠨᠤᠲᠤᠭ ᠢ ᠠᠮᠢ ᠦᠭᠡᠢ ᠵᠢᠭᠰᠢᠭᠦᠷᠢᠲᠦ ᠰᠢᠲᠦᠭᠡᠨ ᠨᠦᠭᠦᠳ ᠢᠶᠡᠷ ᠪᠤᠵᠠᠷᠯᠠᠵᠤ᠂ ᠮᠢᠨᠦ ᠥᠮᠴᠢ ᠶᠢ ᠵᠢᠪᠡᠭᠦᠦ ᠬᠦᠷᠭᠡᠮᠡᠷ ᠵᠦᠢᠯ ᠢᠶᠠᠷ ᠳᠦᠭᠦᠷᠭᠡᠵᠡᠢ᠃
19 ᠥ᠂ ᠶᠣᠬᠣᠸᠠ᠂ ᠮᠢᠨᠦ ᠬᠦᠴᠦ᠂ ᠮᠢᠨᠦ ᠴᠠᠢᠵᠠ᠂ ᠵᠣᠪᠠᠯᠠᠩ ᠤᠨ ᠡᠳᠦᠷ ᠬᠣᠷᠭᠣᠳᠠᠬᠤ ᠭᠠᠵᠠᠷ ᠮᠢᠨᠢ ᠬᠠᠷᠢᠴᠤᠳ ᠭᠠᠵᠠᠷ ᠤᠨ ᠬᠢᠵᠠᠭᠠᠷ ᠠᠴᠠ ᠲᠠᠨ ᠤᠷᠤᠭᠤ ᠢᠷᠡᠵᠦ᠄ 《ᠪᠢᠳᠡᠨ ᠦ ᠡᠴᠢᠭᠡ ᠡᠪᠦᠭᠡᠳ ᠵᠥᠪᠬᠡᠨ ᠬᠤᠳᠠᠯ ᠬᠠᠭᠤᠷᠮᠠᠭ ᠢ ᠬᠣᠭᠣᠰᠣᠨ᠂ ᠦᠷ᠎ᠡ ᠠᠰᠢᠭ ᠦᠭᠡᠢ ᠵᠦᠢᠯᠡᠰ ᠢ ᠯᠠ ᠥᠪᠯᠡᠭᠰᠡᠨ ᠠᠵᠢ》 ᠭᠡᠵᠦ ᠬᠡᠯᠡᠨ᠎ᠡ᠃
20 ᠬᠥᠮᠦᠨ ᠥᠪᠡᠷ ᠦᠨ ᠢᠶᠠᠨ ᠪᠤᠷᠬᠠᠳ ᠢ ᠪᠦᠲᠦᠭᠡᠨ᠎ᠡ ᠭᠡᠵᠢ ᠳᠠ᠂ ᠲᠡᠳᠡᠭᠡᠷ ᠨᠢ ᠪᠤᠷᠬᠠᠨ ᠪᠢᠰᠢ᠃
21 ᠡᠢᠮᠦ ᠡᠴᠡ ᠬᠠᠷ᠎ᠠ᠂ ᠪᠢ ᠲᠡᠳᠡᠨ ᠳᠦ ᠮᠡᠳᠡᠭᠦᠯᠬᠦ ᠭᠡᠵᠦ ᠪᠠᠢᠨ᠎ᠠ ᠡᠨᠡ ᠤᠳᠠᠭ᠎ᠠ ᠪᠢ ᠲᠡᠳᠡᠨ ᠳᠦ ᠥᠪᠡᠷ ᠦᠨ ᠢᠶᠠᠨ ᠬᠦᠴᠦ ᠴᠢᠳᠠᠯ ᠢ ᠮᠡᠳᠡᠭᠦᠯᠵᠦ ᠲᠡᠳᠡ ᠮᠢᠨᠦ ᠨᠡᠷ᠎ᠡ ᠪᠣᠯ ᠶᠣᠬᠣᠸᠠ ᠭᠡᠳᠡᠭ ᠢ ᠮᠡᠳᠡᠬᠦ ᠪᠣᠯᠣᠨ᠎ᠠ᠃