1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠨᠠᠢ᠌ᠮᠠ

1 ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠡᠷᠡ ᠦᠶ᠎ᠡ ᠳᠦ ᠬᠥᠮᠦᠰ ᠶᠦᠳᠠ ᠶᠢᠨ ᠬᠠᠭᠠᠳ᠂ ᠲᠦᠰᠢᠮᠡᠳ ᠦᠨ ᠶᠠᠰᠤ ᠶᠢ᠂ ᠲᠠᠬᠢᠯᠴᠢᠳ ᠪᠣᠯᠣᠨ ᠡᠰᠢ ᠦᠵᠡᠭᠦᠯᠦᠭᠴᠢᠳ ᠤᠨ ᠶᠠᠰᠤ ᠶᠢ᠂ ᠮᠥᠨ ᠶᠧᠷᠦ᠋ᠰᠠᠯᠧᠮ ᠤᠨ ᠰᠠᠭᠤᠭᠠᠯᠢᠴᠢᠳ ᠤᠨ ᠶᠠᠰᠤ ᠶᠢ ᠪᠤᠯᠠᠰᠢᠨ ᠠᠴᠠ ᠨᠢ ᠭᠠᠷᠭᠠᠵᠤ᠂ 2 ᠲᠡᠳᠡᠨ ᠦ ᠬᠠᠢᠷᠠᠯᠠᠨ ᠦᠢᠯᠡᠴᠢᠯᠡᠵᠦ᠂ ᠳᠠᠭᠠᠨ ᠬᠥᠭᠡᠭᠡᠴᠡᠯᠳᠦᠵᠦ᠂ ᠮᠥᠷᠭᠥᠵᠦ ᠪᠠᠢᠭᠰᠠᠨ ᠨᠠᠷᠠ᠂ ᠰᠠᠷᠠ ᠪᠣᠯᠣᠨ ᠲᠩᠷᠢ ᠶᠢᠨ ᠪᠦᠬᠦ ᠡᠷᠬᠡᠰ ᠦᠨ ᠳᠣᠣᠷ᠎ᠠ ᠪᠤᠲᠠᠷᠠᠭᠠᠬᠤ ᠪᠣᠯᠣᠨ᠎ᠠ᠃ ᠶᠠᠰᠤ ᠶᠢ ᠴᠤᠭᠯᠠᠭᠤᠯᠵᠤ ᠪᠤᠯᠠᠰᠢᠯᠠᠬᠤ ᠬᠥᠮᠦᠨ ᠦᠭᠡᠢ᠂ ᠲᠡᠷᠡ ᠨᠢ ᠬᠥᠷᠥᠰᠥᠨ ᠳᠡᠭᠡᠷ᠎ᠡ ᠢᠯᠭᠠᠳᠠᠰᠤ ᠮᠡᠲᠦ ᠬᠠᠶᠠᠭᠳᠠᠨ᠎ᠠ᠃ 3 ᠡᠨᠡ ᠪᠤᠵᠠᠷ ᠦᠨᠳᠦᠰᠦᠲᠡᠨ ᠦ ᠠᠮᠢᠳᠤ ᠦᠯᠡᠳᠡᠭᠰᠡᠳ ᠪᠦᠭᠦᠳᠡ ᠮᠢᠨᠦ ᠬᠥᠭᠡᠭᠡᠭᠰᠡᠨ ᠪᠦᠬᠦ ᠭᠠᠵᠠᠷ ᠲᠤ ᠠᠮᠢᠳᠤᠷᠠᠯ ᠠᠴᠠ ᠢᠯᠡᠭᠦᠦ ᠪᠡᠷ ᠦᠬᠦᠯ ᠢ ᠬᠦᠰᠡᠬᠦ ᠪᠣᠯᠣᠨ᠎ᠠ᠂ ᠠᠤᠭ᠎ᠠ ᠬᠦᠴᠦᠲᠦ ᠶᠣᠬᠣᠸᠠ ᠪᠢ ᠠᠢᠯᠠᠳᠴᠤ ᠪᠠᠢᠨ᠎ᠠ᠃
 ᠨᠢᠭᠦᠯ ᠪᠠ ᠰᠢᠳᠬᠡᠯ
4 ᠴᠢ ᠲᠡᠳᠡᠨ ᠳᠦ᠄ 〈ᠶᠣᠬᠣᠸᠠ ᠡᠢᠨ ᠬᠦ ᠠᠢᠯᠠᠳᠴᠤ ᠪᠠᠢᠨ᠎ᠠ〉 ᠭᠡᠵᠦ ᠬᠡᠯᠡ᠄ ᠬᠥᠮᠦᠨ ᠤᠨᠠᠪᠠᠯ ᠪᠣᠰᠴᠤ᠂ ᠡᠷᠭᠢᠵᠦ ᠶᠠᠪᠤᠪᠠᠯ ᠡᠷᠭᠢᠵᠦ ᠢᠷᠡᠬᠦ ᠪᠢᠰᠢ ᠤᠤ︖
5 ᠬᠠᠷᠢᠨ ᠶᠠᠭᠠᠬᠢᠭᠠᠳ ᠡᠨᠡ ᠦᠨᠳᠦᠰᠦᠲᠡᠨ ᠡᠷᠭᠢᠨ ᠶᠠᠪᠤᠭᠰᠠᠭᠠᠷ᠂ ᠶᠧᠷᠦ᠋ᠰᠠᠯᠧᠮ ᠤᠨ ᠬᠢᠨ ᠬᠣᠯᠠᠳᠠᠭᠰᠠᠭᠠᠷ ᠪᠠᠢᠭ᠎ᠠ ᠪᠤᠢ︖ ᠲᠡᠳᠡ ᠡᠷᠭᠢᠨ ᠢᠷᠡᠬᠦ ᠳᠤᠷ᠎ᠠ ᠦᠭᠡᠢ᠂ ᠪᠤᠷᠤᠭᠤ ᠠᠴᠠ ᠪᠠᠨ ᠵᠢᠭᠤᠷᠠᠭᠰᠠᠭᠠᠷ ᠪᠠᠢᠨ᠎ᠠ᠂
6 ᠪᠢ ᠠᠩ᠋ᠬᠠᠷᠤᠨ ᠰᠣᠨᠣᠰᠬᠤ ᠳᠤ᠂ ᠲᠡᠳᠡ ᠦᠨᠡᠨ ᠢ ᠬᠡᠯᠡᠬᠦ ᠦᠭᠡᠢ ᠬᠡᠨ ᠴᠤ 〈ᠪᠢ ᠶᠠᠭᠤ ᠬᠢᠴᠢᠬᠡᠪᠡ︖〉 ᠬᠡᠮᠡᠨ ᠬᠣᠷᠣᠨ ᠮᠠᠭᠤ ᠪᠠᠨ ᠭᠡᠮᠰᠢᠬᠦ ᠦᠭᠡᠢ ᠬᠥᠮᠦᠨ ᠪᠦᠷᠢ ᠲᠤᠯᠤᠯᠳᠤᠭᠠᠨ ᠳᠤ ᠳᠠᠪᠬᠢᠬᠤ ᠮᠣᠷᠢ ᠰᠢᠭ᠋ ᠥᠪᠡᠷ ᠦᠨ ᠢᠶᠠᠨ ᠴᠢᠭᠯᠡᠯ ᠤᠷᠤᠭᠤ ᠡᠷᠭᠢᠨ ᠶᠠᠪᠤᠵᠤ ᠪᠠᠢᠨ᠎ᠠ᠂
7 ᠣᠭᠲᠠᠷᠭᠤᠢ ᠶᠢᠨ ᠥᠷᠪᠢ ᠲᠠᠰ ᠬᠦᠷᠲᠡᠯ᠎ᠡ ᠤᠯᠠᠷᠢᠯ ᠢᠶᠠᠨ ᠮᠡᠳᠡᠳᠡᠭ ᠬᠡᠭᠦᠷᠵᠡᠭᠡᠨ᠎ᠡ᠂ ᠬᠠᠷᠢᠶᠠᠴᠠᠢ ᠪᠤᠶᠤ ᠬᠤᠨ ᠨᠡᠭᠦᠳᠡᠯᠯᠡᠬᠦ ᠴᠠᠭ ᠢᠶᠠᠨ ᠰᠠᠬᠢᠳᠠᠭ ᠠᠲᠠᠯ᠎ᠠ ᠮᠢᠨᠦ ᠠᠷᠠᠳ ᠲᠦᠮᠡᠨ ᠶᠣᠬᠣᠸᠠ ᠶᠢᠨ ᠵᠢᠷᠤᠮ ᠢ ᠮᠡᠳᠡᠳᠡᠭ ᠦᠭᠡᠢ᠃
8 ᠬᠠᠷᠠ᠂ ᠪᠢᠴᠢᠭᠲᠡᠨ ᠦ ᠬᠤᠳᠠᠯᠴᠢ ᠦᠵᠦᠭ ᠬᠠᠤᠯᠢ ᠶᠢ ᠬᠤᠳᠠᠯ ᠪᠣᠯᠭᠠᠭᠰᠠᠨ ᠠᠲᠠᠯ᠎ᠠ 〈ᠪᠢᠳᠡ ᠮᠡᠷᠭᠡᠨ᠂ ᠪᠢᠳᠡᠨ ᠳᠦ ᠶᠣᠬᠣᠸᠠ ᠶᠢᠨ ᠬᠠᠤᠯᠢ ᠪᠤᠢ〉 ᠭᠡᠵᠦ ᠲᠠ ᠨᠠᠷ ᠶᠠᠭᠠᠬᠢᠵᠤ ᠬᠡᠯᠡᠵᠦ ᠴᠢᠳᠠᠨ᠎ᠠ ᠪᠤᠢ︖
9 ᠮᠡᠷᠭᠡᠳ ᠢᠴᠢᠭᠦᠷᠢ ᠲᠠᠢ ᠪᠣᠯᠵᠤ᠂ ᠵᠢᠷᠦᠬᠡ ᠠᠯᠳᠠᠨ᠂ ᠣᠯᠵᠠᠯᠠᠭᠳᠠᠨ᠎ᠠ ᠬᠠᠷᠠ᠂ ᠲᠡᠳᠡ ᠶᠣᠬᠣᠸᠠ ᠶᠢᠨ ᠦᠭᠡ ᠶᠢ ᠣᠭᠣᠷᠣᠭᠰᠠᠨ ᠪᠠᠢᠬᠤ ᠳᠤ ᠲᠡᠳᠡᠨ ᠳᠦ ᠶᠠᠮᠠᠷ ᠮᠡᠷᠭᠡᠨ ᠤᠬᠠᠭᠠᠨ ᠦᠯᠡᠳᠡᠬᠦ ᠪᠢᠯᠡ︖
10 ᠲᠡᠢᠮᠦ ᠤᠴᠢᠷ ᠠᠴᠠ ᠪᠢ ᠲᠡᠳᠡᠨ ᠦ ᠡᠬᠡᠨᠡᠷ ᠤᠳ ᠢ ᠪᠤᠰᠤᠳ ᠲᠤ ᠲᠡᠳᠡᠨ ᠦ ᠲᠠᠯᠠᠪᠠᠢ ᠨᠤᠭᠤᠳ ᠢ ᠡᠵᠡᠯᠡᠭᠴᠢᠳ ᠲᠤ ᠥᠭᠭᠥᠨ᠎ᠡ ᠤᠴᠢᠷ ᠨᠢ ᠲᠡᠳᠡᠨ ᠦ ᠪᠠᠭ᠎ᠠ ᠠᠴᠠ ᠨᠢ ᠲᠣᠮᠣ ᠪᠠᠨ ᠬᠦᠷᠲᠡᠯ᠎ᠡ ᠪᠦᠭᠦᠳᠡᠭᠡᠷ ᠢᠶᠡᠨ ᠵᠥᠪ ᠪᠤᠰᠤ ᠳᠤ ᠰᠢᠨᠤᠵᠤ ᠡᠰᠢ ᠦᠵᠡᠭᠦᠯᠦᠭᠴᠢ ᠡᠴᠡ ᠨᠢ ᠲᠠᠬᠢᠯᠴᠢ ᠪᠠᠨ ᠬᠦᠷᠲᠡᠯ᠎ᠡ ᠪᠦᠭᠦᠳᠡᠭᠡᠷ ᠢᠶᠡᠨ ᠵᠠᠯᠢ ᠮᠡᠬᠡ ᠭᠠᠷᠭᠠᠵᠤ ᠪᠠᠢᠨ᠎ᠠ᠃
11 ᠠᠷᠠᠳ ᠲᠦᠮᠡᠨ ᠦ ᠮᠢᠨᠢ ᠰᠢᠷᠬ᠎ᠠ ᠶᠢ ᠲᠡᠳᠡ ᠬᠠᠰᠢ ᠶᠠᠰᠢ ᠡᠮᠴᠢᠯᠡᠵᠤ 〈ᠠᠮᠤᠭᠤᠯᠠᠩ᠂ ᠠᠮᠤᠭᠤᠯᠠᠩ〉 ᠭᠡᠳᠡᠭ ᠪᠣᠯᠪᠠᠴᠤ ᠠᠮᠤᠷ ᠠᠮᠤᠭᠤᠯᠠᠩ ᠨᠢ ᠠᠯᠠᠭ᠎ᠠ᠃
12 ᠦᠢᠯᠡᠳᠦᠭᠰᠡᠨ ᠵᠢᠭᠰᠢᠭᠦᠷᠢ ᠡᠴᠡ ᠪᠡᠨ ᠲᠡᠳᠡ ᠢᠴᠢᠭᠰᠡᠨ ᠤᠤ︖ ᠣᠭᠲᠣᠬᠠᠨ ᠴᠤ ᠢᠴᠢᠭᠰᠡᠨ ᠦᠭᠡᠢ ᠤᠯᠠᠢᠬᠤ ᠪᠠᠨ ᠴᠤ ᠮᠡᠳᠡᠬᠦ ᠦᠭᠡᠢ ᠪᠠᠢᠪᠠ᠂ ᠡᠢᠮᠦ ᠡᠴᠡ ᠲᠡᠳᠡ ᠤᠨᠠᠭᠰᠠᠳ ᠤᠨ ᠳᠤᠮᠳᠠ ᠤᠨᠠᠨ᠎ᠠ᠂ ᠲᠡᠳᠡᠨ ᠢ ᠰᠢᠳᠬᠡᠬᠦ ᠦᠶ᠎ᠡ ᠳᠦ ᠮᠢᠨᠢ ᠲᠡᠳᠡ ᠰᠥᠨᠥᠨ᠎ᠡ᠂ ᠶᠣᠬᠣᠸᠠ ᠠᠢᠯᠠᠳᠴᠤ ᠪᠠᠢᠨ᠎ᠠ᠃
13 ᠪᠢ ᠲᠡᠳᠡᠨ ᠢ ᠵᠠᠪᠠᠯ ᠤᠰᠠᠳᠬᠠᠬᠤ ᠲᠤᠯᠠ ᠦᠵᠦᠮ ᠦᠨ ᠮᠣᠳᠣᠨ ᠳᠤ ᠦᠵᠦᠮ ᠦᠭᠡᠢ ᠢᠨᠵᠢᠷ ᠤᠨ ᠮᠣᠳᠣᠨ ᠳᠤ ᠢᠨᠵᠢᠷ ᠦᠭᠡᠢ ᠪᠣᠯᠵᠤ᠂ ᠨᠠᠪᠴᠢ ᠨᠢ ᠬᠤᠪᠠᠬᠠᠢᠷᠠᠨ᠎ᠠ ᠥᠭᠭᠥᠭᠰᠡᠨ ᠵᠦᠢᠯ ᠮᠢᠨᠢ ᠦᠭᠡᠢ ᠪᠣᠯᠣᠨ᠎ᠠ ᠶᠣᠬᠣᠸᠠ ᠪᠢ ᠠᠢᠯᠠᠳᠴᠤ ᠪᠠᠢᠨ᠎ᠠ᠃
14 〈ᠶᠠᠭᠠᠬᠢᠭᠠᠳ ᠪᠢᠳᠡ ᠵᠦᠭᠡᠷ ᠰᠠᠭᠤᠵᠤ ᠪᠠᠢᠭ᠎ᠠ ᠶᠤᠮ︖ ᠬᠠᠮᠲᠤ ᠴᠤᠭᠯᠠᠵᠠᠭᠠᠶ᠎ᠠ᠂ ᠪᠡᠬᠢᠯᠡᠯᠲᠡᠲᠦ ᠬᠣᠲᠠ ᠨᠤᠭᠤᠳ ᠤᠷᠤᠭᠤ ᠶᠠᠪᠤᠵᠠᠭᠠᠵᠤ᠂ ᠲᠡᠨᠳᠡ ᠰᠥᠨᠥᠵᠡᠭᠡᠶ᠎ᠡ ᠪᠢᠳᠡ ᠶᠣᠬᠣᠸᠠ ᠳᠤ ᠨᠢᠭᠦᠯ ᠦᠢᠯᠡᠳᠦᠭᠰᠡᠨ ᠲᠤᠯᠠ ᠪᠢᠳᠡᠨ ᠦ ᠪᠤᠷᠬᠠᠨ ᠶᠣᠬᠣᠸᠠ ᠪᠢᠳᠡᠨ ᠢ ᠰᠥᠨᠥᠭᠡᠬᠦ ᠪᠡᠷ ᠬᠣᠣᠷ᠎ᠠ ᠲᠠᠢ ᠤᠰᠤ ᠤᠤᠭᠤᠯᠭᠠᠵᠠᠢ᠃
15 ᠠᠮᠤᠭᠤᠯᠠᠩ ᠢ ᠬᠦᠰᠡᠭᠰᠡᠨ ᠴᠤ ᠰᠠᠢᠨ ᠨᠢ ᠦᠭᠡᠢ ᠡᠳᠡᠭᠡᠷᠡᠬᠦ ᠴᠠᠭ ᠢ ᠬᠦᠰᠡᠬᠦ ᠳᠦ ᠠᠶᠤᠮᠰᠢᠭ ᠪᠣᠯᠵᠠᠢ
16 ᠳᠠᠢᠰᠤᠨ ᠤ ᠮᠣᠷᠢᠳ ᠤᠨ ᠳᠣᠷᠭᠢᠬᠤ ᠨᠢ ᠳ᠋ᠠᠨ ᠠᠴᠠ ᠰᠣᠨᠣᠰᠳᠠᠨ᠎ᠠ ᠠᠳᠤᠭᠤᠨ ᠤ ᠬᠢᠨᠢ ᠢᠨᠴᠠᠭᠠᠬᠤ ᠴᠢᠮᠡᠭᠡᠨ ᠳᠦ ᠪᠦᠬᠦ ᠨᠤᠲᠤᠭ ᠳᠣᠷᠭᠢᠨ᠎ᠠ ᠲᠡᠳᠡ ᠢᠷᠡᠵᠡᠭᠡᠵᠦ᠂ ᠭᠠᠵᠠᠷ ᠪᠣᠯᠣᠨ ᠲᠡᠭᠦᠨ ᠳᠡᠭᠡᠷᠡᠬᠢ ᠪᠦᠬᠦᠨ ᠢ ᠬᠣᠲᠠ ᠪᠣᠯᠣᠨ ᠲᠡᠭᠦᠨ ᠦ ᠰᠠᠭᠤᠭᠠᠯᠢᠴᠢᠳ ᠪᠦᠭᠦᠳᠡ ᠶᠢ ᠵᠠᠯᠭᠢᠬᠤ ᠭᠡᠵᠦ ᠪᠠᠢᠨ᠎ᠠ〉 ᠭᠡᠳᠡᠭ᠃
17 ᠶᠣᠬᠣᠸᠠ ᠪᠢ ᠠᠢᠯᠠᠳᠴᠤ ᠪᠠᠢᠨ᠎ᠠ᠃ ᠬᠠᠷᠠ᠂ ᠪᠢ ᠷᠢᠳᠢ ᠰᠢᠳᠢ ᠪᠠᠷ ᠴᠤ ᠡᠷᠭᠡᠰᠢᠶᠡᠵᠦ ᠴᠢᠳᠠᠬᠤ ᠦᠭᠡᠢ ᠮᠣᠭᠠᠢ ᠨᠤᠭᠤᠳ ᠢ᠂ ᠬᠣᠣᠷᠲᠤ ᠮᠣᠭᠠᠢ ᠨᠤᠭᠤᠳ ᠢ ᠶᠠᠪᠤᠭᠤᠯᠵᠤ ᠲᠠ ᠨᠠᠷ ᠢ ᠬᠠᠳᠬᠤᠭᠤᠯᠤᠨ᠎ᠠ
18 ᠵᠣᠪᠠᠯᠠᠩ ᠮᠢᠨᠢ ᠲᠠᠢᠳᠬᠤᠷᠠᠰᠢ ᠦᠭᠡᠢ᠂ ᠵᠢᠷᠦᠬᠡ ᠮᠢᠨᠢ ᠭᠠᠰᠢᠭᠤᠨ ᠪᠠᠢᠨ᠎ᠠ᠃
19 ᠥᠬᠢᠨ ᠠᠷᠠᠳ ᠲᠦᠮᠡᠨ ᠦ ᠮᠢᠨᠢ ᠠᠯᠤᠰ ᠬᠣᠯᠠ ᠭᠠᠵᠠᠷ ᠠᠴᠠ ᠣᠷᠢᠯᠠᠬᠤ ᠳᠠᠭᠤ ᠶᠢ ᠠᠩ᠋ᠬᠠᠷᠤᠭᠲᠤᠨ ᠲᠡᠳᠡ 〈ᠶᠣᠬᠣᠸᠠ ᠽᠢᠶᠣᠨ ᠳᠤ ᠪᠠᠢᠬᠤ ᠦᠭᠡᠢ ᠤᠤ︖ ᠽᠢᠶᠣᠨ ᠤ ᠬᠠᠭᠠᠨ ᠲᠡᠭᠦᠨ ᠦ ᠳᠣᠲᠣᠷ᠎ᠠ ᠠᠯᠠᠭ᠎ᠠ ᠤᠤ︖〉 ᠭᠡᠬᠦ ᠳᠦ᠂ ᠲᠡᠷᠡ 〈ᠶᠠᠭᠠᠬᠢᠭᠠᠳ ᠲᠡᠳᠡ ᠰᠡᠢᠯᠦᠮᠡᠯ ᠬᠥᠷᠥᠭ ᠤᠳ ᠢᠶᠠᠷ ᠬᠠᠷᠢ ᠶᠢᠨ ᠰᠢᠲᠦᠭᠡᠨ ᠨᠦᠭᠦᠳ ᠢᠶᠡᠷ ᠨᠠᠮᠠᠶᠢ ᠥᠳᠥᠭᠡᠭᠰᠡᠨ ᠪᠤᠢ︖〉 ᠭᠡᠨ᠎ᠡ᠂
20 ᠲᠡᠳᠡ 〈ᠵᠤᠨ ᠳᠠᠭᠤᠰᠴᠤ ᠬᠤᠷᠢᠶᠠᠯᠲᠠ ᠥᠩᠭᠡᠷᠡᠭᠰᠡᠨ ᠪᠠᠢᠬᠤ ᠳᠤ᠂ ᠪᠢᠳᠡ ᠠᠪᠤᠷᠠᠭᠳᠠᠭ᠎ᠠ ᠦᠭᠡᠢ ᠪᠠᠢᠨ᠎ᠠ〉 ᠭᠡᠨ᠎ᠡ᠂
21 ᠥᠬᠢᠨ ᠠᠷᠠᠳ ᠲᠦᠮᠡᠨ ᠦ ᠮᠢᠨᠢ ᠰᠢᠷᠬᠠᠲᠤᠭᠰᠠᠨ ᠤ ᠤᠯᠠᠮ ᠢᠶᠠᠷ ᠪᠢ ᠴᠤ ᠰᠢᠷᠬᠠᠲᠤᠪᠠ ᠭᠠᠰᠢᠭᠤᠳᠠᠵᠤ ᠪᠠᠢᠬᠤ ᠳᠤ ᠮᠢᠨᠢ ᠴᠥᠬᠥᠷᠡᠯ ᠨᠠᠮᠠᠶᠢ ᠡᠵᠡᠮᠰᠢᠪᠡ᠂
22 ᠭᠢᠯᠧᠶᠠᠳ᠋ ᠲᠤ ᠭᠠᠪᠤᠷ ᠠᠯᠠᠭ᠎ᠠ ᠭᠡᠵᠢ ᠤᠤ︖ ᠲᠡᠨᠳᠡ ᠡᠮᠴᠢ ᠪᠠᠢᠬᠤ ᠦᠭᠡᠢ ᠭᠡᠵᠢ ᠤᠤ︖ ᠥᠬᠢᠨ ᠠᠷᠠᠳ ᠲᠦᠮᠡᠨ ᠮᠢᠨᠢ ᠶᠠᠭᠠᠬᠢᠭᠠᠳ ᠢᠯᠠᠷᠢᠰᠢᠬᠤ ᠦᠭᠡᠢ ᠪᠠᠢᠭ᠎ᠠ ᠶᠤᠮ︖