1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠠᠷᠪᠠᠨ ᠬᠣᠶᠠᠷ
 ᠶᠧᠷᠧᠮᠢᠶ᠎ᠠ ᠶᠢᠨ ᠭᠣᠮᠣᠳᠠᠯ
1 ᠶᠣᠬᠣᠸᠠ ᠲᠠᠨ ᠲᠠᠢ ᠮᠠᠷᠭᠤᠯᠳᠤᠬᠤ ᠪᠣᠯᠭᠠᠨ ᠳᠤ ᠮᠢᠨᠢ ᠲᠠ ᠵᠥᠪ ᠪᠠᠢᠭᠰᠠᠨ ᠬᠠᠷᠢᠨ ᠪᠢ ᠲᠠᠨ ᠠᠴᠠ ᠰᠢᠳᠤᠷᠭᠤ ᠶᠣᠰᠣᠨ ᠤ ᠲᠠᠯ᠎ᠠ ᠪᠠᠷ ᠠᠰᠠᠭᠤᠶ᠎ᠠ ᠶᠠᠭᠠᠬᠢᠭᠠᠳ ᠪᠤᠷᠤᠭᠤᠲᠠᠨ ᠤ ᠵᠠᠮ ᠪᠠᠳᠠᠷᠠᠵᠤ᠂ ᠢᠲᠡᠭᠡᠮᠵᠢ ᠦᠭᠡᠢ ᠪᠦᠭᠦᠳᠡ ᠨᠢ ᠲᠠᠢᠪᠤᠩ ᠪᠠᠢᠭ᠎ᠠ ᠪᠤᠢ︖
2 ᠲᠠ ᠲᠡᠳᠡᠨ ᠢ ᠲᠠᠷᠢᠭᠰᠠᠨ ᠤᠴᠢᠷ ᠠᠴᠠ ᠲᠡᠳᠡ ᠦᠨᠳᠦᠰᠦᠯᠡᠵᠦ᠂ ᠤᠷᠭᠤᠵᠤ᠂ ᠦᠷ᠎ᠡ ᠵᠢᠮᠢᠰ ᠢ ᠴᠤ ᠭᠠᠷᠭᠠᠳᠠᠭ ᠬᠠᠷᠢᠨ ᠲᠡᠳᠡ ᠲᠠᠨ ᠢ ᠤᠷᠤᠭᠤᠯ ᠠᠴᠠ ᠪᠠᠨ ᠣᠢᠷ᠎ᠠ᠂ ᠵᠢᠷᠦᠬᠡᠨ ᠡᠴᠡ ᠪᠡᠨ ᠬᠣᠯᠠ ᠪᠠᠢᠯᠭᠠᠳᠠᠭ᠃
3 ᠬᠠᠷᠢᠨ ᠶᠣᠬᠣᠸᠠ᠂ ᠲᠠ ᠨᠠᠮᠠᠶᠢ ᠲᠠᠨᠢᠳᠠᠭ ᠪᠥᠭᠡᠳ ᠨᠠᠮᠠᠶᠢ ᠬᠠᠷᠠᠵᠤ᠂ ᠵᠢᠷᠦᠬᠡ ᠮᠢᠨᠢ ᠲᠠᠨ ᠤᠷᠤᠭᠤ ᠬᠠᠨᠳᠤᠬᠤ ᠡᠰᠡᠬᠦ ᠶᠢ ᠰᠢᠯᠭᠠᠳᠠᠭ ᠪᠢᠯᠡ᠂ ᠬᠣᠨᠢ ᠶᠢ ᠨᠢᠲᠤᠯᠬᠤ ᠪᠠᠷ ᠴᠢᠷᠳᠡᠭ ᠮᠡᠲᠦ ᠲᠡᠳᠡᠨ ᠢ ᠭᠠᠷᠭᠠᠵᠤ ᠨᠢᠲᠤᠯᠬᠤ ᠡᠳᠦᠷ ᠲᠦ ᠵᠣᠷᠢᠭᠤᠯᠤᠨ ᠲᠤᠰᠠᠭᠠᠷᠯᠠᠭᠠᠴᠢ︕
4 ᠬᠡᠳᠦᠢ ᠪᠣᠯᠲᠠᠯ᠎ᠠ ᠭᠠᠵᠠᠷ ᠨᠤᠲᠤᠭ ᠭᠠᠩᠳᠠᠵᠤ ᠪᠦᠬᠦ ᠬᠡᠭᠡᠷ᠎ᠡ ᠲᠠᠯ᠎ᠠ ᠶᠢᠨ ᠤᠷᠭᠤᠮᠠᠯ ᠬᠠᠲᠠᠬᠤ ᠶᠤᠮ ᠪᠤᠢ︖ ᠠᠮᠢᠳᠤᠷᠠᠨ ᠰᠠᠭᠤᠭᠴᠢᠳ ᠤᠨ ᠬᠢᠨᠢ ᠬᠣᠷᠣᠨ ᠮᠠᠭᠤ ᠶᠢᠨ ᠤᠯᠠᠮ ᠢᠶᠠᠷ ᠠᠮᠢᠲᠠᠨ ᠰᠢᠪᠠᠭᠤᠳ ᠨᠢ ᠴᠤ ᠤᠰᠠᠳᠤᠭᠰᠠᠨ ᠠᠲᠠᠯ᠎ᠠ ᠠᠷᠠᠳ ᠲᠦᠮᠡᠨ ᠨᠢ 《ᠪᠢᠳᠡᠨ ᠦ ᠬᠣᠵᠢᠮ ᠢ ᠶᠣᠬᠣᠸᠠ ᠬᠠᠢᠬᠤᠷᠬᠤ ᠦᠭᠡᠢ》 ᠭᠡᠯᠴᠡᠳᠡᠭ᠃
 ᠪᠤᠷᠬᠠᠨ ᠤ ᠬᠠᠷᠢᠭᠤ
5 《ᠬᠡᠷᠪᠡ ᠶᠠᠪᠠᠭᠠᠨ ᠬᠥᠮᠦᠨ ᠲᠡᠢ ᠭᠦᠶᠦᠭᠡᠳ ᠶᠠᠳᠠᠷᠠᠭᠰᠠᠨ ᠪᠣᠯ ᠴᠢ ᠶᠠᠭᠠᠬᠢᠵᠤ ᠮᠣᠷᠢ ᠲᠠᠢ ᠣᠷᠣᠯᠳᠤᠵᠤ ᠴᠢᠳᠠᠬᠤ ᠪᠢᠯᠡ︖ ᠠᠮᠤᠷ ᠲᠠᠢᠪᠤᠩ ᠨᠤᠲᠤᠭ ᠲᠤ ᠪᠦᠳᠦᠷᠢᠪᠡᠯ ᠶᠣᠷᠳᠠᠨ ᠤ ᠰᠢᠭᠤᠢ ᠳᠤ ᠶᠠᠭᠠᠬᠢᠬᠤ ᠪᠢᠯᠡ︖
6 ᠴᠢᠨᠦ ᠠᠬ᠎ᠠ ᠳᠡᠭᠦᠦᠰ᠂ ᠴᠢᠨᠦ ᠡᠴᠢᠭᠡ ᠶᠢᠨ ᠭᠡᠷ ᠦᠨ ᠬᠢᠨ ᠬᠦᠷᠲᠡᠯ᠎ᠡ ᠪᠦᠭᠦᠳᠡᠭᠡᠷ ᠴᠢᠮ᠎ᠠ ᠠᠴᠠ ᠤᠷᠪᠠᠵᠤ ᠲᠡᠳᠡ ᠬᠦᠷᠲᠡᠯ᠎ᠡ ᠴᠢᠨᠦ ᠠᠷᠤ ᠠᠴᠠ ᠴᠢᠩᠭ᠍᠎ᠠ ᠪᠠᠷ ᠬᠠᠰᠬᠢᠷᠴᠠᠭᠠᠭᠰᠠᠨ ᠬᠡᠳᠦᠢᠪᠡᠷ ᠲᠡᠳᠡ ᠴᠢᠮ᠎ᠠ ᠳᠤ ᠰᠠᠢᠬᠠᠨ ᠦᠭᠡᠰ ᠬᠡᠯᠡᠬᠦ ᠪᠣᠯᠪᠠᠴᠤ ᠲᠡᠳᠡᠨ ᠳᠦ ᠪᠦᠦ ᠢᠲᠡᠭᠡ᠃》
7 《ᠪᠢ ᠥᠪᠡᠷ ᠦᠨ ᠢᠶᠠᠨ ᠭᠡᠷ ᠢ ᠣᠷᠬᠢᠨ ᠥᠪᠡᠷ ᠦᠨ ᠢᠶᠠᠨ ᠥᠮᠴᠢ ᠶᠢ ᠬᠠᠶᠠᠵᠤ ᠥᠪᠡᠷ ᠦᠨ ᠭᠣᠣᠯ ᠵᠢᠷᠦᠬᠡᠨ ᠦ ᠬᠠᠢᠷᠠᠲᠤ ᠪᠠᠨ ᠳᠠᠢᠰᠤᠨ ᠨᠤᠭᠤᠳ ᠤᠨ ᠬᠢᠨᠢ ᠭᠠᠷ ᠲᠤ ᠥᠭᠭᠥᠭᠰᠡᠨ
8 ᠥᠮᠴᠢ ᠮᠢᠨᠢ ᠨᠠᠳᠠ ᠳᠤ ᠣᠢ ᠶᠢᠨ ᠠᠷᠰᠯᠠᠨ ᠮᠡᠲᠦ ᠪᠣᠯᠵᠤ ᠨᠠᠳᠠ ᠤᠷᠤᠭᠤ ᠠᠷᠬᠢᠷᠠᠳᠠᠭ ᠲᠤᠯᠠ ᠪᠢ ᠲᠡᠭᠦᠨ ᠢ ᠦᠵᠡᠨ ᠶᠠᠳᠠᠳᠠᠭ᠃
9 ᠥᠮᠴᠢ ᠮᠢᠨᠢ ᠨᠠᠳᠠ ᠳᠤ ᠲᠣᠯᠪᠣᠲᠤ ᠮᠢᠬᠠᠴᠢᠨ ᠰᠢᠪᠠᠭᠤ ᠠᠳᠠᠯᠢ ᠪᠢᠰᠢ ᠤᠤ︖ ᠡᠷᠭᠢᠨ ᠲᠣᠭᠣᠷᠢᠨ ᠤ ᠬᠢᠨᠢ ᠰᠢᠪᠠᠭᠤᠳ ᠲᠡᠭᠦᠨ ᠢ ᠡᠰᠡᠷᠭᠦᠴᠡᠳᠡᠭ ᠵᠠ᠂ ᠲᠠ ᠨᠠᠷ ᠲᠠᠯ᠎ᠠ ᠶᠢᠨ ᠪᠦᠬᠦ ᠠᠷᠢᠶᠠᠲᠠᠨ ᠢ ᠴᠤᠭᠯᠠᠭᠤᠯᠵᠤ ᠲᠡᠳᠡᠨ ᠢ ᠠᠪᠴᠢᠷᠠᠵᠤ ᠲᠡᠭᠦᠨ ᠢ ᠢᠳᠡᠭᠦᠯ
10 ᠣᠯᠠᠨ ᠬᠣᠨᠢᠴᠢᠳ ᠦᠵᠦᠮ ᠦᠨ ᠲᠠᠯᠠᠪᠠᠢ ᠶᠢ ᠮᠢᠨᠢ ᠲᠠᠯᠬᠢᠳᠠᠨ ᠥᠮᠴᠢ ᠶᠢ ᠮᠢᠨᠢ ᠭᠢᠰᠬᠢᠯᠡᠵᠦ ᠦᠵᠡᠮᠵᠢᠲᠦ ᠥᠮᠴᠢ ᠶᠢ ᠮᠢᠨᠢ ᠡᠵᠡᠭᠦᠢ ᠴᠥᠯ ᠪᠣᠯᠭᠠᠭᠰᠠᠨ ᠲᠤᠯᠠ
11 ᠲᠡᠷᠡ ᠨᠢ ᠡᠵᠡᠭᠦᠢᠷᠡᠵᠦ᠂ ᠮᠢᠨᠦ ᠡᠮᠦᠨ᠎ᠡ ᠡᠵᠡᠭᠦᠢ ᠬᠠᠭᠤᠷᠠᠢ ᠭᠠᠵᠠᠷ ᠪᠣᠯᠣᠭᠰᠠᠨ ᠪᠠᠢᠨ᠎ᠠ ᠣᠢᠰᠢᠶᠠᠬᠤ ᠬᠥᠮᠦᠨ ᠦᠭᠡᠢ ᠲᠤᠯᠠ ᠪᠦᠬᠦᠢᠯᠡ ᠭᠠᠵᠠᠷ ᠨᠤᠲᠤᠭ ᠵᠡᠯᠢᠭᠦᠳ ᠪᠣᠯᠵᠠᠢ᠂
12 ᠴᠥᠯ ᠳᠠᠬᠢ ᠪᠦᠬᠦ ᠨᠢᠴᠦᠭᠦᠨ ᠳᠣᠪᠣ ᠲᠣᠯᠣᠭᠠᠳ ᠳᠡᠭᠡᠷ᠎ᠡ ᠰᠦᠢᠳᠬᠡᠭᠴᠢᠳ ᠢᠷᠡᠵᠡᠭᠡᠪᠡ ᠪᠦᠬᠦ ᠨᠤᠲᠤᠭ ᠢ ᠨᠢᠭᠡ ᠵᠠᠬ᠎ᠠ ᠠᠴᠠ ᠨᠢ ᠨᠥᠭᠥᠭᠡ ᠵᠠᠬ᠎ᠠ ᠢ ᠨᠢ ᠬᠦᠷᠲᠡᠯ᠎ᠡ ᠶᠣᠬᠣᠸᠠ ᠶᠢᠨ ᠰᠡᠯᠡᠮ᠎ᠡ ᠵᠠᠯᠭᠢᠳᠠᠭ ᠲᠤᠯᠠ ᠮᠢᠬᠠᠨ ᠪᠡᠶ᠎ᠡ ᠲᠠᠢ ᠬᠡᠨ ᠴᠤ ᠲᠠᠢᠪᠤᠩ ᠪᠠᠢᠵᠤ ᠦᠯᠦ ᠴᠢᠳᠠᠨ᠎ᠠ
13 ᠲᠡᠳᠡ ᠪᠤᠭᠤᠳᠠᠢ ᠲᠠᠷᠢᠵᠤ᠂ ᠥᠷᠭᠡᠰᠦ ᠬᠤᠷᠢᠶᠠᠪᠠ ᠪᠡᠶ᠎ᠡ ᠪᠡᠨ ᠵᠦᠳᠡᠭᠡᠭᠰᠡᠨ ᠴᠤ ᠠᠰᠢᠭ ᠦᠭᠡᠢ ᠶᠣᠬᠣᠸᠠ ᠶᠢᠨ ᠬᠢᠯᠢᠩ ᠰᠢᠷᠦᠭᠦᠨ ᠪᠣᠯᠬᠣᠷ ᠲᠠ ᠨᠠᠷ ᠤᠷᠭᠤᠴᠠ ᠠᠴᠠ ᠪᠠᠨ ᠢᠴᠢᠬᠦ ᠪᠣᠯᠣᠨ᠎ᠠ᠃》

14 ᠠᠷᠠᠳ ᠲᠦᠮᠡᠨ ᠢᠰᠷᠧᠯ ᠳᠡᠭᠡᠨ ᠥᠪᠯᠡᠭᠦᠯᠦᠭᠰᠡᠨ ᠥᠪ ᠳᠡᠭᠡᠷ᠎ᠡ ᠮᠢᠨᠢ ᠭᠠᠷ ᠬᠦᠷᠬᠦ ᠪᠦᠬᠦ ᠮᠠᠭᠤ ᠬᠥᠷᠰᠢ ᠶᠢᠨ ᠬᠢᠨᠢ ᠲᠠᠯ᠎ᠠ ᠪᠠᠷ ᠶᠣᠬᠣᠸᠠ ᠪᠢ ᠡᠢᠨ ᠬᠦ ᠠᠢᠯᠠᠳᠴᠤ ᠪᠠᠢᠨ᠎ᠠ᠄ 《ᠬᠠᠷᠠ᠂ ᠪᠢ ᠲᠡᠳᠡᠨ ᠢ ᠭᠠᠵᠠᠷ ᠨᠤᠲᠤᠭ ᠠᠴᠠ ᠨᠢ ᠲᠠᠰᠤᠳᠠᠵᠤ ᠭᠠᠷᠭᠠᠨ᠂ ᠶᠦᠳᠠ ᠶᠢᠨ ᠭᠡᠷ ᠦᠨ ᠬᠢᠨ ᠢ ᠲᠡᠳᠡᠨ ᠦ ᠳᠤᠮᠳᠠ ᠠᠴᠠ ᠲᠠᠰᠤᠳᠠᠵᠤ ᠠᠪᠤᠨ᠎ᠠ᠃ 15 ᠲᠠᠰᠤᠳᠠᠵᠤ ᠠᠪᠤᠭᠰᠠᠨ ᠤ ᠳᠠᠷᠠᠭ᠎ᠠ ᠪᠢ ᠲᠡᠳᠡᠨ ᠢ ᠳᠠᠬᠢᠨ ᠡᠨᠡᠷᠢᠬᠦ ᠪᠥᠭᠡᠳ ᠬᠥᠮᠦᠨ ᠪᠦᠷᠢ ᠶᠢ ᠥᠪᠡᠷ ᠦᠨ ᠬᠢᠨᠢ ᠡᠵᠡᠮᠰᠢᠯ᠂ ᠥᠪᠡᠷ ᠦᠨ ᠬᠢᠨᠢ ᠨᠤᠲᠤᠭ ᠤᠷᠤᠭᠤ ᠪᠤᠴᠠᠭᠠᠨ᠎ᠠ᠂ 16 ᠬᠡᠷᠪᠡ ᠲᠡᠳᠡ ᠴᠤ ᠮᠢᠨᠦ ᠠᠷᠠᠳ ᠲᠦᠮᠡᠨ ᠲᠤ ᠪᠠᠯ ᠢᠶᠠᠷ ᠲᠠᠩ᠋ᠭᠠᠷᠢᠭᠯᠠᠬᠤ ᠶᠢ ᠵᠢᠭᠠᠵᠤ ᠪᠠᠢᠭᠰᠠᠨ ᠰᠢᠭ᠋ ᠢᠶᠠᠨ᠄ 〈ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ〉 ᠭᠡᠵᠦ ᠮᠢᠨᠦ ᠨᠡᠷ᠎ᠡ ᠪᠡᠷ ᠲᠠᠩ᠋ᠭᠠᠷᠢᠭᠯᠠᠵᠤ᠂ ᠮᠢᠨᠦ ᠠᠷᠠᠳ ᠲᠦᠮᠡᠨ ᠦ ᠵᠠᠮ ᠢ ᠦᠨᠡᠬᠡᠷ ᠰᠤᠷᠪᠠᠯ᠂ ᠮᠢᠨᠦ ᠠᠷᠠᠳ ᠲᠦᠮᠡᠨ ᠦ ᠳᠤᠮᠳᠠ ᠲᠣᠭᠲᠠᠵᠤ ᠴᠢᠳᠠᠨ᠎ᠠ᠃ 17 ᠬᠠᠷᠢᠨ ᠶᠠᠮᠠᠷ ᠴᠤ ᠦᠨᠳᠦᠰᠦᠲᠡᠨ ᠮᠢᠨᠦᠬᠢ ᠶᠢ ᠰᠣᠨᠣᠰᠬᠤ ᠦᠭᠡᠢ ᠪᠣᠯ᠂ ᠪᠢ ᠲᠡᠭᠦᠨ ᠢ ᠵᠠᠪᠠᠯ ᠲᠠᠰᠤᠳᠠᠵᠤ ᠤᠰᠠᠳᠬᠠᠨ᠎ᠠ᠃ ᠶᠣᠬᠣᠸᠠ ᠪᠢ ᠠᠢᠯᠠᠳᠴᠤ ᠪᠠᠢᠨ᠎ᠠ᠃》