ᠶᠧᠷᠧᠮᠢᠶ᠎ᠠ ᠠᠷᠪᠠᠨ ᠲᠠᠪᠤ
1 ᠶᠣᠬᠣᠸᠠ ᠨᠠᠳᠠ ᠳᠤ ᠠᠢᠯᠠᠳᠪᠠ᠄ 《ᠮᠣᠰᠧ᠂ ᠰᠠᠮᠦ᠋ᠶᠧᠯ ᠨᠠᠷ ᠮᠢᠨᠦ ᠡᠮᠦᠨ᠎ᠡ ᠵᠣᠭᠰᠣᠬᠤ ᠪᠠᠢᠭᠰᠠᠨ ᠴᠤ ᠰᠡᠳᠬᠢᠯ ᠮᠢᠨᠢ ᠡᠨᠡ ᠠᠷᠠᠳ ᠲᠦᠮᠡᠨ ᠳᠡᠭᠡᠷ᠎ᠡ ᠦᠭᠡᠢ᠃ ᠲᠡᠳᠡᠨ ᠢ ᠮᠢᠨᠦ ᠡᠮᠦᠨ᠎ᠡ ᠡᠴᠡ ᠭᠠᠷᠭᠠᠨ ᠶᠠᠪᠤᠭᠤᠯ︕ 2 ᠲᠡᠳᠡ ᠴᠢᠮ᠎ᠠ ᠳᠤ᠄ 〈ᠪᠢᠳᠡ ᠬᠠᠮᠢᠭᠠᠰᠢ ᠪᠠᠨ ᠶᠠᠪᠤᠬᠤ ᠶᠤᠮ ᠪᠤᠢ︖〉 ᠭᠡᠪᠡᠯ᠂ ᠴᠢ᠄ 〈ᠶᠣᠬᠣᠸᠠ ᠡᠢᠨ ᠬᠦ ᠠᠢᠯᠠᠳᠴᠤ ᠪᠠᠢᠨ᠎ᠠ᠄ ᠦᠬᠦᠯ ᠦᠨ ᠬᠤᠪᠢ ᠲᠠᠢ ᠨᠢ ᠦᠬᠦᠯ ᠤᠷᠤᠭᠤ ᠢᠯᠳᠦᠨ ᠦ ᠬᠤᠪᠢ ᠲᠠᠢ ᠨᠢ ᠢᠯᠳᠦ ᠤᠷᠤᠭᠤ ᠥᠯᠥᠰᠬᠥᠯᠡᠩ ᠦᠨ ᠬᠤᠪᠢ ᠲᠠᠢ ᠨᠢ ᠥᠯᠥᠰᠬᠥᠯᠡᠩ ᠤᠷᠤᠭᠤ ᠴᠥᠯᠡᠯᠭᠡ ᠶᠢᠨ ᠬᠤᠪᠢ ᠲᠠᠢ ᠨᠢ ᠴᠥᠯᠡᠯᠭᠡ ᠤᠷᠤᠭᠤ〉 ᠭᠡᠭᠡᠷᠡᠢ᠃》
3 ᠶᠣᠬᠣᠸᠠ ᠪᠢ ᠠᠢᠯᠠᠳᠴᠤ ᠪᠠᠢᠨ᠎ᠠ᠃ ᠪᠢ ᠲᠡᠳᠡᠨ ᠦ ᠳᠡᠭᠡᠷ᠎ᠡ ᠳᠥᠷᠪᠡᠨ ᠲᠥᠷᠥᠯ ᠦᠨ ᠰᠦᠢᠳᠬᠡᠭᠴᠢ ᠶᠢ ᠲᠣᠮᠢᠯᠠᠨ᠎ᠠ᠂ ᠲᠡᠳᠡᠭᠡᠷ ᠨᠢ ᠬᠢᠳᠤᠭᠴᠢ ᠢᠯᠳᠦ᠂ ᠴᠢᠷᠦᠭᠴᠢ ᠨᠣᠬᠠᠳ᠂ ᠵᠠᠯᠭᠢᠭᠴᠢ ᠣᠭᠲᠠᠷᠭᠤᠢ ᠶᠢᠨ ᠰᠢᠪᠠᠭᠤ ᠪᠣᠯᠣᠨ ᠰᠦᠢᠳᠬᠡᠭᠴᠢ ᠭᠠᠵᠠᠷ ᠤᠨ ᠠᠷᠢᠶᠠᠲᠠᠨ ᠶᠤᠮ᠃ 4 ᠶᠦᠳᠠ ᠶᠢᠨ ᠬᠠᠭᠠᠨ ᠾᠧᠽᠧᠺᠢᠶ᠎ᠠ ᠶᠢᠨ ᠬᠦᠦ ᠮᠠᠨᠠᠰᠧ ᠤᠨ ᠶᠧᠷᠦ᠋ᠰᠠᠯᠧᠮ ᠳᠤ ᠦᠢᠯᠡᠳᠦᠭᠰᠡᠨ ᠬᠡᠷᠡᠭ ᠦᠨ ᠤᠯᠠᠮ ᠢᠶᠠᠷ ᠪᠢ ᠲᠡᠳᠡᠨ ᠢ ᠳᠡᠯᠡᠬᠡᠢ ᠶᠢᠨ ᠪᠦᠬᠦ ᠬᠠᠭᠠᠨᠴᠢᠯᠠᠯ ᠤᠨ ᠳᠤᠮᠳᠠ ᠵᠢᠭᠰᠢᠭᠦᠷᠢ ᠪᠣᠯᠭᠠᠨ᠎ᠠ᠃
5 ᠶᠧᠷᠦ᠋ᠰᠠᠯᠧᠮ ᠡ᠂ ᠬᠡᠨ ᠴᠢᠮᠠᠶᠢ ᠥᠷᠥ ᠡᠪᠡᠳᠬᠦ ᠶᠤᠮ ᠪᠤᠢ︖ ᠬᠡᠨ ᠴᠢᠨᠦ ᠲᠥᠯᠥᠭᠡ ᠭᠠᠰᠢᠭᠤᠳᠠᠵᠤ ᠬᠡᠨ ᠴᠢᠨᠦ ᠠᠮᠤᠷ ᠢ ᠠᠰᠠᠭᠤᠬᠤ ᠪᠠᠷ ᠵᠣᠭᠰᠣᠬᠤ ᠪᠢᠯᠡ︖
6 ᠶᠣᠬᠣᠸᠠ ᠪᠢ ᠠᠢᠯᠠᠳᠴᠤ ᠪᠠᠢᠨ᠎ᠠ᠄ ᠴᠢ ᠥᠪᠡᠷ ᠢᠶᠡᠨ ᠨᠠᠮᠠᠶᠢ ᠣᠷᠬᠢᠵᠤ ᠨᠠᠳᠠ ᠠᠴᠠ ᠤᠷᠪᠠᠭᠰᠠᠨ ᠲᠡᠢᠮᠦ ᠡᠴᠡ ᠪᠢ ᠴᠢᠮ᠎ᠠ ᠤᠷᠤᠭᠤ ᠭᠠᠷ ᠢᠶᠠᠨ ᠰᠤᠩ᠋ᠭᠠᠵᠤ᠂ ᠴᠢᠮᠠᠶᠢ ᠰᠥᠨᠥᠭᠡᠨ᠎ᠡ ᠪᠢ ᠥᠷᠥᠰᠢᠶᠡᠭᠰᠡᠭᠡᠷ ᠪᠠᠢᠭᠠᠳ ᠵᠠᠯᠬᠠᠵᠠᠢ᠃
7 ᠪᠢ ᠲᠡᠳᠡᠨ ᠢ ᠲᠡᠷᠡ ᠨᠤᠲᠤᠭ ᠤᠨ ᠬᠠᠭᠠᠯᠭᠠᠨ ᠳᠤ ᠰᠢᠭᠰᠢᠭᠦᠷ ᠢᠶᠡᠷ ᠰᠢᠭᠰᠢᠵᠦ ᠬᠡᠦᠬᠡᠳ ᠤᠳ ᠠᠴᠠ ᠨᠢ ᠬᠠᠭᠠᠴᠠᠭᠤᠯᠤᠨᠠ᠂ ᠲᠡᠢᠨ ᠬᠦ ᠪᠢ ᠠᠷᠠᠳ ᠲᠦᠮᠡᠨ ᠢᠶᠡᠨ ᠤᠰᠠᠳᠬᠠᠨ᠎ᠠ᠃ ᠤᠴᠢᠷ ᠨᠢ ᠲᠡᠳᠡ ᠵᠠᠮ ᠠᠴᠠ ᠪᠠᠨ ᠡᠷᠭᠢᠭᠰᠡᠨ ᠦᠭᠡᠢ᠃
8 ᠪᠡᠯᠪᠡᠰᠦᠨ ᠡᠮᠡᠭᠲᠡᠢ ᠨᠢ ᠳᠠᠯᠠᠢ ᠶᠢᠨ ᠡᠯᠡᠰᠦᠨ ᠡᠴᠡ ᠴᠤ ᠣᠯᠠᠨ ᠪᠣᠯᠣᠨ᠎ᠠ᠂ ᠪᠢ ᠢᠳᠡᠷ ᠵᠠᠯᠠᠭᠤᠰ ᠤᠨ ᠡᠬᠡ ᠶᠢᠨ ᠬᠢᠨᠢ ᠳᠡᠭᠡᠷ᠎ᠡ ᠰᠦᠢᠳᠬᠡᠭᠴᠢ ᠶᠢ ᠦᠳᠡ ᠳᠤᠮᠳᠠ ᠪᠠᠷ ᠠᠪᠴᠢᠷᠠᠵᠤ ᠡᠬᠡ ᠶᠢ ᠨᠢ ᠭᠡᠨᠡᠳᠲᠡ ᠶᠢᠨ ᠠᠢᠳᠠᠰ ᠴᠣᠴᠢᠷᠳᠠᠯ ᠳᠤ ᠣᠷᠣᠭᠤᠯᠤᠨ᠎ᠠ᠂
9 ᠳᠣᠯᠣᠭᠠᠨ ᠬᠥᠪᠡᠭᠦᠨ ᠲᠡᠢ ᠡᠬᠡ ᠮᠣᠬᠣᠵᠤ᠂ ᠤᠬᠠᠭᠠᠨ ᠠᠯᠳᠠᠨ᠎ᠠ᠂ ᠲᠡᠭᠦᠨ ᠦ ᠨᠠᠷᠠ ᠡᠳᠦᠷ ᠢᠶᠡᠷ ᠰᠢᠩᠭᠡᠭᠰᠡᠨ ᠲᠤᠯᠠ ᠲᠡᠷᠡ ᠪᠡᠷ ᠰᠢᠪᠰᠢᠭ ᠪᠣᠯᠵᠤ ᠪᠠᠰᠤᠮᠵᠢᠯᠠᠭᠳᠠᠬᠤ ᠪᠣᠯᠣᠨ᠎ᠠ᠂ ᠲᠡᠳᠡᠨ ᠦ ᠠᠮᠢᠳᠤ ᠦᠯᠡᠳᠡᠭᠰᠡᠳ ᠢ ᠪᠢ ᠳᠠᠢᠰᠤᠨ ᠨᠤᠭᠤᠳ ᠤᠨ ᠬᠢᠨᠢ ᠢᠯᠳᠦᠨ ᠳᠦ ᠲᠤᠰᠢᠶᠠᠨ᠎ᠠ᠂ ᠶᠣᠬᠣᠸᠠ ᠪᠢ ᠠᠢᠯᠠᠳᠴᠤ ᠪᠠᠢᠨ᠎ᠠ᠃
10 〈ᠡᠵᠢ ᠮᠢᠨᠢ᠂ ᠲᠠ ᠨᠠᠮᠠᠶᠢ ᠲᠥᠷᠥᠭᠦᠯᠦᠭᠰᠡᠨ ᠲᠤᠯᠠ ᠪᠢ ᠭᠠᠰᠠᠯᠠᠩᠲᠠᠶ᠎ᠠ︕ ᠪᠢ ᠪᠦᠬᠦ ᠳᠡᠯᠡᠬᠡᠢ ᠲᠡᠢ ᠲᠡᠮᠡᠴᠡᠵᠦ ᠮᠠᠷᠭᠤᠳᠠᠭ ᠬᠥᠮᠦᠨ ᠪᠣᠯᠣᠯ᠎ᠠ ᠪᠢ ᠵᠢᠭᠡᠯᠡᠭᠡ ᠦᠭᠡᠢ᠂ ᠵᠢᠭᠡᠯᠡᠭᠦᠯᠦᠭᠡ ᠦᠭᠡᠢ ᠪᠠᠢᠲᠠᠯ᠎ᠠ ᠬᠥᠮᠦᠨ ᠪᠦᠷᠢ ᠨᠠᠮᠠᠶᠢ ᠬᠠᠷᠢᠶᠠᠵᠤ ᠪᠠᠢᠨ᠎ᠠ᠃〉
11 ᠶᠣᠬᠣᠸᠠ ᠠᠢᠯᠠᠳᠤᠨ᠄ 〈ᠪᠢ ᠯᠠᠪᠲᠠᠢ ᠰᠠᠢᠨ ᠰᠠᠢᠬᠠᠨ ᠤ ᠲᠥᠯᠥᠭᠡ ᠴᠢᠮᠠᠶᠢ ᠴᠢᠯᠥᠭᠡᠯᠡᠨ᠎ᠡ ᠭᠠᠢ ᠭᠠᠮᠰᠢᠭ᠂ ᠵᠣᠪᠠᠯᠠᠩ ᠤᠨ ᠦᠶ᠎ᠡ ᠳᠦ ᠳᠠᠢᠰᠤᠨ ᠴᠢᠨᠢ ᠴᠤ ᠥᠪᠡᠷ ᠦᠨ ᠢᠶᠠᠨ ᠲᠥᠯᠥᠭᠡ ᠴᠢᠨᠦ ᠭᠤᠶᠤᠵᠤ ᠥᠭᠬᠦ ᠶᠢ ᠬᠦᠰᠡᠬᠦ ᠪᠣᠯᠣᠨ᠎ᠠ᠂〉
12 ᠬᠣᠢᠲᠤ ᠵᠦᠭ ᠡᠴᠡ ᠢᠷᠡᠭᠰᠡᠨ ᠲᠡᠮᠦᠷ᠂ ᠲᠡᠢᠮᠦ ᠲᠡᠮᠦᠷ ᠪᠤᠶᠤ ᠬᠦᠷᠡᠯ ᠢ ᠬᠡᠨ ᠬᠠᠭᠠᠯᠵᠤ ᠴᠢᠳᠠᠬᠤ ᠪᠢᠯᠡ︖
13 ᠴᠢᠨᠦ ᠨᠤᠲᠤᠭ ᠳᠡᠪᠢᠰᠬᠡᠷ ᠳᠡᠭᠡᠷᠡᠬᠢ ᠪᠦᠬᠦ ᠨᠢᠭᠦᠯ ᠦᠨ ᠴᠢᠨᠢ ᠤᠯᠠᠮ ᠢᠶᠠᠷ ᠪᠢ ᠴᠢᠨᠦ ᠡᠳ᠋ ᠬᠥᠷᠥᠩᠭᠡ ᠪᠣᠯᠣᠨ ᠡᠷᠳᠡᠨᠢᠰ ᠢ ᠦᠨ᠎ᠡ ᠦᠭᠡᠢ ᠪᠠᠷ ᠣᠯᠵᠠ ᠪᠣᠯᠭᠠᠬᠤ ᠪᠥᠭᠡᠳ
14 ᠴᠢᠨᠦ ᠮᠡᠳᠡᠬᠦ ᠦᠭᠡᠢ ᠭᠦᠷᠦᠨ ᠳᠦ ᠴᠢᠮᠠᠶᠢ ᠳᠠᠢᠰᠤᠨ ᠤ ᠴᠢᠨᠢ ᠪᠣᠭᠣᠯ ᠪᠣᠯᠭᠠᠨ᠎ᠠ ᠲᠡᠢᠨ ᠬᠦ ᠠᠭᠤᠷ ᠬᠢᠯᠢᠩ ᠤᠨ ᠮᠢᠨᠢ ᠭᠠᠯ ᠨᠣᠴᠣᠵᠤ ᠴᠢᠮᠠᠶᠢ ᠰᠢᠲᠠᠭᠠᠬᠤ ᠪᠣᠯᠣᠨ᠎ᠠ》 ᠭᠡᠪᠡ᠃
15 ᠲᠠ ᠪᠦᠭᠦᠳᠡ ᠶᠢ ᠮᠡᠳᠡᠨ᠎ᠡ᠂ ᠶᠣᠬᠣᠸᠠ ᠨᠠᠮᠠᠶᠢ ᠰᠠᠨᠠᠨ ᠬᠠᠯᠠᠮᠵᠢᠯᠠᠵᠤ᠂ ᠬᠠᠪᠴᠢᠭᠴᠢᠳ ᠠᠴᠠ ᠥᠰᠢᠶ᠎ᠡ ᠠᠪᠤᠭᠠᠴᠢ ᠠᠭᠤᠷ ᠢᠶᠠᠨ ᠤᠳᠠᠭᠠᠰᠢᠷᠠᠭᠤᠯᠵᠤ᠂ ᠠᠮᠢ ᠶᠢ ᠮᠢᠨᠢ ᠪᠦᠦ ᠠᠪᠠᠴᠢᠭᠠᠴᠢ ᠲᠠᠨ ᠤ ᠲᠥᠯᠥᠭᠡ ᠳᠣᠷᠣᠮᠵᠢᠯᠠᠭᠳᠠᠵᠤ ᠪᠠᠢᠬᠤ ᠶᠢ ᠮᠢᠨᠢ ᠰᠠᠨᠠᠭᠠᠴᠢ᠃
16 ᠲᠠᠨ ᠤ ᠦᠭᠡᠰ ᠣᠯᠳᠠᠬᠤ ᠳᠤ ᠪᠢ ᠲᠡᠳᠡᠭᠡᠷ ᠢ ᠢᠳᠡᠳᠡᠭ ᠲᠠᠨ ᠤ ᠦᠭᠡᠰ ᠨᠠᠳᠠ ᠳᠤ ᠪᠠᠶᠠᠷ᠂ ᠵᠢᠷᠦᠬᠡᠨ ᠦ ᠮᠢᠨᠢ ᠪᠠᠶᠠᠰᠤᠯ ᠪᠣᠯᠳᠠᠭ ᠤᠴᠢᠷ ᠨᠢ ᠠᠤᠭ᠎ᠠ ᠬᠦᠴᠦᠲᠦ ᠪᠤᠷᠬᠠᠨ ᠶᠣᠬᠣᠸᠠ᠂ ᠪᠢ ᠲᠠᠨ ᠤ ᠨᠡᠷ᠎ᠡ ᠪᠡᠷ ᠳᠠᠭᠤᠳᠠᠭᠳᠠᠭᠰᠠᠨ᠃
17 ᠪᠢ ᠨᠠᠷᠭᠢᠭᠴᠢᠳ ᠤᠨ ᠳᠤᠮᠳᠠ ᠰᠠᠭᠤᠭ᠎ᠠ ᠦᠭᠡᠢ᠂ ᠲᠡᠳᠡᠨ ᠲᠡᠢ ᠴᠡᠩᠭᠡᠭᠡ ᠴᠤ ᠦᠭᠡᠢ ᠲᠠᠨ ᠤ ᠮᠤᠲᠤᠷ ᠤᠨ ᠬᠦᠴᠦᠨ ᠳᠦ ᠪᠢ ᠭᠠᠭᠴᠠᠭᠠᠷ ᠢᠶᠠᠨ ᠰᠠᠭᠤᠭᠰᠠᠨ ᠤᠴᠢᠷ ᠨᠢ ᠲᠠ ᠨᠠᠮᠠᠶᠢ ᠬᠢᠯᠢᠩ ᠢᠶᠠᠷ ᠳᠦᠭᠦᠷᠭᠡᠭᠰᠡᠨ ᠪᠢᠯᠡ᠃
18 ᠶᠠᠭᠠᠬᠢᠭᠠᠳ ᠮᠢᠨᠦ ᠡᠪᠡᠳᠦᠯᠲᠡ ᠳᠠᠭᠤᠰᠤᠰᠢ ᠦᠭᠡᠢ᠂ ᠮᠢᠨᠦ ᠰᠢᠷᠬ᠎ᠠ ᠬᠦᠨᠳᠦ ᠪᠥᠭᠡᠳ ᠡᠳᠡᠭᠡᠷᠡᠰᠢ ᠦᠭᠡᠢ ᠪᠠᠢᠨ᠎ᠠ ᠪᠤᠢ︖ ᠮᠢᠨᠦ ᠬᠤᠪᠢ ᠳᠤ ᠲᠠ ᠶᠠᠭ ᠯᠠ ᠬᠠᠭᠤᠷᠮᠠᠴᠢ᠂ ᠢᠲᠡᠭᠡᠮᠵᠢ ᠦᠭᠡᠢ ᠭᠣᠷᠣᠬ᠎ᠠ ᠮᠡᠲᠦ ᠪᠣᠯᠪᠠ᠃
19 ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠡᠷᠪᠡ ᠴᠢ ᠪᠤᠴᠠᠵᠤ ᠢᠷᠡᠪᠡᠯ᠂ ᠪᠢ ᠴᠢᠮᠠᠶᠢ ᠪᠤᠴᠠᠭᠠᠵᠤ ᠠᠪᠤᠭᠠᠳ ᠥᠪᠡᠷ ᠦᠨ ᠢᠶᠠᠨ ᠡᠮᠦᠨ᠎ᠡ ᠦᠢᠯᠡᠴᠢᠯᠡᠭᠦᠯᠦᠨ᠎ᠡ ᠬᠡᠷᠪᠡ ᠴᠢ ᠬᠣᠭᠣᠰᠣᠨ ᠪᠢᠰᠢ᠂ ᠦᠨᠡᠲᠦ ᠦᠭᠡ ᠶᠢ ᠭᠠᠷᠭᠠᠵᠤ ᠶᠠᠷᠢᠪᠠᠯ ᠮᠢᠨᠦ ᠠᠮᠠ ᠮᠡᠲᠦ ᠪᠣᠯᠣᠨ᠎ᠠ ᠲᠡᠳᠡ ᠴᠢᠮ᠎ᠠ ᠤᠷᠤᠭᠤ ᠡᠷᠭᠢᠬᠦ ᠶᠣᠰᠣᠲᠠᠢ ᠬᠠᠷᠢᠨ ᠴᠢ ᠲᠡᠳᠡᠨ ᠤᠷᠤᠭᠤ ᠡᠷᠭᠢᠬᠦ ᠶᠣᠰᠣ ᠦᠭᠡᠢ᠃
20 ᠪᠢ ᠴᠢᠮᠠᠶᠢ ᠡᠨᠡ ᠠᠷᠠᠳ ᠲᠦᠮᠡᠨ ᠦ ᠡᠮᠦᠨ᠎ᠡ ᠪᠡᠬᠢᠯᠡᠭᠳᠡᠭᠰᠡᠨ ᠬᠦᠷᠡᠯ ᠬᠡᠷᠡᠮ ᠪᠣᠯᠭᠠᠨ᠎ᠠ ᠲᠡᠳᠡ ᠴᠢᠮ᠎ᠠ ᠲᠠᠢ ᠲᠤᠯᠤᠯᠳᠤᠬᠤ ᠪᠣᠯᠪᠠᠴᠤ ᠴᠢᠮᠠᠶᠢ ᠳᠡᠢᠯᠬᠦ ᠦᠭᠡᠢ᠂ ᠪᠢ ᠴᠢᠮ᠎ᠠ ᠲᠠᠢ ᠬᠠᠮᠲᠤ ᠪᠠᠢᠵᠤ᠂ ᠴᠢᠮᠠᠶᠢ ᠠᠪᠤᠷᠠᠵᠤ ᠭᠡᠲᠦᠯᠭᠡᠨ᠎ᠡ᠃ ᠶᠣᠬᠣᠸᠠ ᠪᠢ ᠠᠢᠯᠠᠳᠴᠤ ᠪᠠᠢᠨ᠎ᠠ᠃
21 ᠪᠢ ᠴᠢᠮᠠᠶᠢ ᠬᠣᠷᠣᠨ ᠮᠠᠭᠤ ᠶᠢᠨ ᠰᠠᠪᠠᠷ ᠠᠴᠠ ᠭᠡᠲᠦᠯᠭᠡᠵᠦ ᠪᠠᠯᠠᠮᠠᠳ ᠡᠳᠡᠭᠡᠳ ᠦᠨ ᠠᠳᠬᠤᠨ ᠠᠴᠠ ᠵᠣᠯᠢᠨᠠ᠃》