1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠬᠣᠷᠢᠨ ᠳᠥᠷᠪᠡ
 ᠬᠣᠶᠠᠷ ᠰᠠᠭᠰᠤ ᠢᠨᠵᠢᠷ

1 ᠪᠠᠪᠢᠯᠣᠨ ᠤ ᠬᠠᠭᠠᠨ ᠨᠧᠪᠦ᠋ᠺᠠᠨᠧᠽᠠᠷ ᠶᠦᠳᠠ ᠶᠢᠨ ᠬᠠᠭᠠᠨ᠂ ᠶᠧᠬᠣᠢᠶᠠᠺᠢᠮ ᠤᠨ ᠬᠦᠦ ᠶᠧᠺᠣᠨᠢᠶ᠎ᠠ ᠶᠢ ᠶᠦᠳᠠ ᠶᠢᠨ ᠲᠦᠰᠢᠮᠡᠳ᠂ ᠤᠷᠠᠴᠤᠳ ᠪᠣᠯᠣᠨ ᠳᠠᠷᠬᠠᠴᠤᠳ ᠲᠠᠢ ᠬᠠᠮᠲᠤ ᠣᠯᠵᠠᠯᠠᠨ ᠠᠪᠴᠤ᠂ ᠶᠧᠷᠦ᠋ᠰᠠᠯᠧᠮ ᠡᠴᠡ ᠪᠠᠪᠢᠯᠣᠨ ᠤᠷᠤᠭᠤ ᠴᠥᠯᠡᠪᠡ᠃ ᠡᠭᠦᠨ ᠦ ᠳᠠᠷᠠᠭ᠎ᠠ᠂ ᠶᠣᠬᠣᠸᠠ ᠨᠠᠳᠠ ᠳᠤ ᠶᠣᠬᠣᠸᠠ ᠶᠢᠨ ᠣᠷᠳᠣᠨ ᠤ ᠡᠮᠦᠨ᠎ᠡ ᠪᠤᠢ ᠬᠣᠶᠠᠷ ᠰᠠᠭᠰᠤ ᠢᠨᠵᠢᠷ ᠢ ᠦᠵᠡᠭᠦᠯᠪᠡ᠃ 2 ᠨᠢᠭᠡ ᠰᠠᠭᠰᠤᠨ ᠳᠤ ᠠᠩᠬ᠎ᠠ ᠪᠣᠯᠪᠠᠰᠤᠷᠠᠭᠰᠠᠨ ᠮᠡᠲᠦ ᠮᠠᠰᠢ ᠰᠠᠢᠨ ᠢᠨᠵᠢᠷ᠂ ᠨᠥᠭᠥᠭᠡ ᠰᠠᠭᠰᠤᠨ ᠳᠤ ᠮᠠᠭᠤᠳᠠᠭᠠᠳ ᠢᠳᠡᠬᠦ ᠶᠢᠨ ᠠᠷᠭ᠎ᠠ ᠦᠭᠡᠢ ᠪᠣᠯᠣᠭᠰᠠᠨ ᠮᠠᠰᠢ ᠮᠠᠭᠤ ᠢᠨᠵᠢᠷ ᠪᠠᠢᠪᠠ᠃ 3 ᠶᠣᠬᠣᠸᠠ ᠨᠠᠳᠠ ᠳᠤ᠄ 《ᠶᠧᠷᠧᠮᠢᠶ᠎ᠠ᠂ ᠴᠢ ᠶᠠᠭᠤ ᠬᠠᠷᠠᠵᠤ ᠪᠠᠢᠨ᠎ᠠ ᠪᠤᠢ︖》 ᠭᠡᠬᠦ ᠳᠦ᠂ ᠪᠢ᠄ 《ᠢᠨᠵᠢᠷ᠂ ᠰᠠᠢᠨ ᠢᠨᠵᠢᠷ ᠨᠢ ᠮᠠᠰᠢ ᠰᠠᠢᠨ ᠪᠠᠢᠬᠤ ᠳᠤ᠂ ᠮᠠᠭᠤ ᠢᠨᠵᠢᠷ ᠨᠢ ᠢᠳᠡᠬᠦ ᠶᠢᠨ ᠠᠷᠭ᠎ᠠ ᠦᠭᠡᠢ ᠮᠠᠰᠢ ᠮᠠᠭᠤ ᠪᠠᠢᠨ᠎ᠠ》 ᠭᠡᠪᠡ᠃

4 ᠲᠡᠭᠡᠲᠡᠯ᠎ᠡ ᠶᠣᠬᠣᠸᠠ ᠶᠢᠨ ᠦᠭᠡ ᠨᠠᠳᠠ ᠳᠤ ᠢᠷᠡᠵᠦ᠂ ᠠᠢᠯᠠᠳᠤᠨ᠄ 5 《ᠢᠰᠷᠧᠯ ᠤᠨ ᠪᠤᠷᠬᠠᠨ ᠶᠣᠬᠣᠸᠠ ᠡᠢᠨ ᠬᠦ ᠬᠡᠯᠡᠵᠦ ᠪᠠᠢᠨ᠎ᠠ᠄ 〈ᠪᠢ ᠡᠨᠡ ᠭᠠᠵᠠᠷ ᠠᠴᠠ ᠪᠠᠪᠢᠯᠣᠨᠴᠤᠳ ᠤᠨ ᠨᠤᠲᠤᠭ ᠲᠤ ᠶᠠᠪᠤᠭᠤᠯᠤᠭᠰᠠᠨ ᠶᠦᠳᠠ ᠶᠢᠨ ᠣᠯᠵᠠᠯᠠᠭᠳᠠᠭᠰᠠᠳ ᠢ ᠲᠡᠳᠡᠭᠡᠷ ᠰᠠᠢᠨ ᠢᠨᠵᠢᠷ ᠲᠠᠢ ᠠᠳᠠᠯᠢ ᠰᠠᠢᠨ ᠭᠡᠵᠦ ᠬᠠᠷᠠᠭᠤᠯᠤᠨ᠂ 6 ᠰᠠᠢᠨ ᠤ ᠬᠢᠨᠢ ᠲᠥᠯᠥᠭᠡ ᠥᠪᠡᠷ ᠦᠨ ᠢᠶᠠᠨ ᠬᠠᠷᠠᠴᠠ ᠶᠢ ᠲᠡᠳᠡᠨ ᠦ ᠳᠡᠭᠡᠷ᠎ᠡ ᠲᠣᠭᠲᠠᠭᠠᠨ᠎ᠠ᠃ ᠪᠢ ᠲᠡᠳᠡᠨ ᠢ ᠡᠨᠡ ᠨᠤᠲᠤᠭ ᠤᠷᠤᠭᠤ ᠳᠠᠬᠢᠨ ᠠᠪᠴᠢᠷᠠᠨ᠎ᠠ᠂ ᠪᠢ ᠲᠡᠳᠡᠨ ᠢ ᠪᠣᠰᠬᠠᠬᠤ ᠪᠥᠭᠡᠳ ᠨᠤᠷᠠᠭᠠᠬᠤ ᠦᠭᠡᠢ᠂ ᠲᠠᠷᠢᠬᠤ ᠪᠥᠭᠡᠳ ᠲᠠᠰᠤᠳᠠᠬᠤ ᠦᠭᠡᠢ᠃ 7 ᠨᠠᠮᠠᠶᠢ ᠶᠣᠬᠣᠸᠠ ᠭᠡᠵᠦ ᠮᠡᠳᠡᠬᠦ ᠵᠢᠷᠦᠬᠡ ᠶᠢ ᠪᠢ ᠲᠡᠳᠡᠨ ᠳᠦ ᠥᠭᠭᠥᠨ᠎ᠡ᠃ ᠲᠡᠳᠡ ᠨᠠᠳᠠ ᠤᠷᠤᠭᠤ ᠪᠦᠬᠦ ᠵᠢᠷᠦᠬᠡ ᠪᠡᠷ ᠢᠶᠠᠨ ᠡᠷᠭᠢᠵᠦ ᠢᠷᠡᠬᠦ ᠲᠤᠯᠠ ᠲᠡᠳᠡ ᠮᠢᠨᠦ ᠠᠷᠠᠳ ᠲᠦᠮᠡᠨ᠂ ᠪᠢ ᠲᠡᠳᠡᠨ ᠦ ᠪᠤᠷᠬᠠᠨ ᠪᠣᠯᠣᠨ᠎ᠠ᠃

8 ᠬᠠᠷᠢᠨ ᠶᠣᠬᠣᠸᠠ ᠪᠢ ᠠᠢᠯᠠᠳᠴᠤ ᠪᠠᠢᠨ᠎ᠠ᠃ ᠶᠦᠳᠠ ᠶᠢᠨ ᠬᠠᠭᠠᠨ ᠽᠧᠳᠧᠺᠢᠶ᠎ᠠ᠂ ᠲᠡᠭᠦᠨ ᠦ ᠲᠦᠰᠢᠮᠡᠳ ᠪᠣᠯᠣᠨ ᠦᠯᠡᠳᠡᠭᠰᠡᠨ ᠶᠧᠷᠦ᠋ᠰᠠᠯᠧᠮ ᠤᠨ ᠬᠢᠨ ᠤ ᠬᠤᠪᠢ ᠳᠤ᠂ ᠲᠡᠳᠡ ᠡᠨᠡ ᠨᠤᠲᠤᠭ ᠲᠤ ᠦᠯᠡᠳᠡᠭᠰᠡᠨ ᠴᠤ᠂ ᠶᠧᠵᠢᠫᠲ ᠲᠤ ᠰᠠᠭᠤᠷᠢᠰᠢᠭᠰᠠᠨ ᠴᠤ ᠪᠢ ᠲᠡᠳᠡᠨ ᠢ ᠮᠠᠭᠤᠳᠠᠭᠠᠳ ᠢᠳᠡᠬᠦ ᠶᠢᠨ ᠠᠷᠭ᠎ᠠ ᠦᠭᠡᠢ ᠪᠣᠯᠣᠭᠰᠠᠨ ᠮᠠᠭᠤ ᠢᠨᠵᠢᠷ ᠭᠡᠵᠦ ᠦᠵᠡᠨ᠂ 9 ᠳᠡᠯᠡᠬᠡᠢ ᠶᠢᠨ ᠪᠦᠬᠦ ᠬᠠᠭᠠᠨᠴᠢᠯᠠᠯ ᠤᠨ ᠵᠢᠭᠰᠢᠭᠦᠷᠢ ᠪᠣᠯᠭᠠᠬᠤ ᠲᠤᠯᠠ ᠲᠡᠳᠡ ᠮᠢᠨᠦ ᠬᠥᠭᠡᠭᠡᠵᠦ ᠶᠠᠪᠤᠭᠤᠯᠬᠤ ᠭᠠᠵᠠᠷ ᠪᠦᠷᠢ ᠳᠤ ᠭᠤᠲᠤᠮᠰᠢᠭ ᠪᠣᠯᠣᠨ ᠠᠮᠠᠨ ᠤ ᠵᠤᠭ᠎ᠠ ᠪᠣᠯᠵᠤ᠂ ᠳᠣᠷᠣᠮᠵᠢᠯᠠᠯ ᠪᠣᠯᠣᠨ ᠬᠠᠷᠢᠶᠠᠯ ᠪᠣᠯᠣᠨ᠎ᠠ᠃ 10 ᠪᠢ ᠲᠡᠳᠡᠨ ᠦ ᠳᠤᠮᠳᠠ ᠢᠯᠳᠦ᠂ ᠥᠯᠥᠰᠬᠥᠯᠡᠩ ᠪᠣᠯᠣᠨ ᠲᠠᠬᠤᠯ ᠢ ᠢᠯᠡᠭᠡᠵᠦ᠂ ᠲᠡᠳᠡᠨ ᠳᠦ ᠪᠣᠯᠣᠨ ᠲᠡᠳᠡᠨ ᠦ ᠡᠴᠢᠭᠡ ᠡᠪᠦᠭᠡᠳ ᠲᠦ ᠥᠭᠭᠥᠭᠰᠡᠨ ᠨᠤᠲᠤᠭ ᠠᠴᠠ ᠪᠠᠨ ᠲᠡᠳᠡᠨ ᠢ ᠤᠰᠠᠳᠬᠠᠨ᠎ᠠ〉》 ᠭᠡᠪᠡ᠃