ᠶᠧᠷᠧᠮᠢᠶ᠎ᠠ ᠬᠣᠷᠢᠨ ᠬᠣᠶᠠᠷ
ᠬᠣᠷᠣᠨ ᠮᠠᠭᠤ ᠬᠠᠭᠠᠳ ᠤᠨ ᠬᠦᠯᠢᠶᠡᠬᠦ ᠰᠢᠳᠬᠡᠯ
1 ᠶᠣᠬᠣᠸᠠ ᠡᠢᠨ ᠬᠦ ᠠᠢᠯᠠᠳᠴᠤ ᠪᠠᠢᠨ᠎ᠠ᠄ 《ᠴᠢ ᠶᠦᠳᠠ ᠶᠢᠨ ᠬᠠᠭᠠᠨ ᠤ ᠣᠷᠳᠣᠨ ᠲᠤ ᠣᠴᠢᠭᠠᠳ ᠲᠡᠨᠳᠡ ᠡᠨᠡ ᠦᠭᠡ ᠶᠢ ᠬᠡᠯᠡᠭᠲᠦᠨ᠄ 2 〈ᠳ᠋ᠠᠸᠢᠳ᠋ ᠤᠨ ᠰᠡᠨᠲᠢ ᠳᠤ ᠰᠠᠭᠤᠵᠤ ᠪᠤᠢ ᠶᠦᠳᠠ ᠶᠢᠨ ᠬᠠᠭᠠᠨ ᠡ᠂ ᠴᠢ ᠪᠣᠯᠣᠨ ᠴᠢᠨᠦ ᠵᠠᠷᠤᠴᠠ ᠨᠠᠷ᠂ ᠮᠥᠨ ᠡᠨᠡ ᠬᠠᠭᠠᠯᠭ᠎ᠠ ᠪᠠᠷ ᠣᠷᠣᠵᠤ ᠢᠷᠡᠳᠡᠭ ᠴᠢᠨᠦ ᠠᠷᠠᠳ ᠲᠦᠮᠡᠨ ᠡ᠂ ᠶᠣᠬᠣᠸᠠ ᠶᠢᠨ ᠦᠭᠡ ᠶᠢ ᠰᠣᠨᠣᠰ᠃ 3 ᠶᠣᠬᠣᠸᠠ ᠡᠢᠨ ᠬᠦ ᠠᠢᠯᠠᠳᠴᠤ ᠪᠠᠢᠨ᠎ᠠ᠄ ᠲᠠ ᠨᠠᠷ ᠵᠥᠪ ᠰᠢᠳᠤᠷᠭᠤ ᠶᠢ ᠦᠢᠯᠡᠳ᠃ ᠳᠡᠭᠡᠷᠡᠮᠳᠡᠭᠦᠯᠦᠭᠰᠡᠨ ᠬᠥᠮᠦᠨ ᠢ ᠳᠠᠷᠤᠯᠠᠭᠴᠢ ᠶᠢᠨ ᠬᠢᠨᠢ ᠭᠠᠷ ᠠᠴᠠ ᠠᠪᠤᠷᠠ᠂ ᠬᠠᠷᠢ ᠬᠥᠮᠦᠨ᠂ ᠥᠨᠥᠴᠢᠨ ᠪᠡᠯᠪᠡᠰᠦᠨ ᠢ ᠪᠦᠦ ᠳᠠᠷᠤᠯ᠎ᠠ᠂ ᠪᠦᠦ ᠬᠦᠴᠦᠷᠬᠡᠶᠢᠯᠡ᠃ ᠡᠨᠡ ᠭᠠᠵᠠᠷ ᠲᠤ ᠭᠡᠮ ᠦᠭᠡᠢ ᠴᠢᠰᠤ ᠶᠢ ᠪᠦᠦ ᠤᠷᠤᠰᠬ᠎ᠠ᠃ 4 ᠲᠠ ᠨᠠᠷ ᠡᠳᠡᠭᠡᠷ ᠦᠭᠡ ᠶᠢ ᠦᠨᠡᠬᠡᠷ ᠪᠡᠶᠡᠯᠡᠭᠦᠯᠪᠡᠯ᠂ ᠳ᠋ᠠᠸᠢᠳ᠋ ᠤᠨ ᠰᠡᠨᠲᠢ ᠳᠤ ᠰᠠᠭᠤᠬᠤ ᠬᠠᠭᠠᠳ ᠲᠡᠷᠭᠡ ᠬᠥᠯᠦᠨ᠂ ᠮᠣᠷᠢ ᠤᠨᠤᠵᠤ ᠲᠦᠰᠢᠮᠡᠳ ᠪᠣᠯᠣᠨ ᠠᠷᠠᠳ ᠲᠦᠮᠡᠨ ᠲᠡᠢ ᠪᠡᠨ ᠡᠨᠡ ᠣᠷᠳᠣᠨ ᠤ ᠬᠠᠭᠠᠯᠭ᠎ᠠ ᠪᠠᠷ ᠣᠷᠣᠵᠤ ᠢᠷᠡᠭᠰᠡᠭᠡᠷ ᠪᠠᠢᠬᠤ ᠪᠣᠯᠣᠨ᠎ᠠ᠂ 5 ᠬᠠᠷᠢᠨ ᠡᠳᠡᠭᠡᠷ ᠦᠭᠡ ᠶᠢ ᠡᠰᠡ ᠪᠡᠶᠡᠯᠡᠭᠦᠯᠪᠡᠯ᠂ ᠡᠨᠡ ᠣᠷᠳᠣᠨ ᠪᠠᠯᠭᠠᠰᠤ ᠪᠣᠯᠣᠨ᠎ᠠ ᠭᠡᠳᠡᠭ ᠢ ᠪᠢ ᠥᠪᠡᠷ ᠦᠨ ᠢᠶᠠᠨ ᠨᠡᠷ᠎ᠡ ᠪᠡᠷ ᠲᠠᠩ᠋ᠭᠠᠷᠢᠭᠯᠠᠵᠤ ᠪᠠᠢᠨ᠎ᠠ᠂ ᠶᠣᠬᠣᠸᠠ ᠪᠢ ᠠᠢᠯᠠᠳᠴᠤ ᠪᠠᠢᠨ᠎ᠠ᠃〉》 6 ᠶᠣᠬᠣᠸᠠ ᠪᠢ ᠶᠦᠳᠠ ᠶᠢᠨ ᠬᠠᠭᠠᠨ ᠤ ᠣᠷᠳᠣᠨ ᠤ ᠲᠠᠯ᠎ᠠ ᠪᠠᠷ ᠠᠢᠯᠠᠳᠴᠤ ᠪᠠᠢᠨ᠎ᠠ᠄ 《ᠴᠢ ᠨᠠᠳᠠ ᠳᠤ ᠭᠢᠯᠧᠶᠠᠳ᠋ ᠪᠤᠶᠤ ᠯᠧᠪᠠᠨᠣᠨ ᠤ ᠣᠷᠭᠢᠯ ᠮᠡᠲᠦ ᠪᠠᠢᠯ᠎ᠠ ᠴᠤ ᠪᠢ ᠴᠢᠮᠠᠶᠢ ᠯᠠᠪᠲᠠᠢ ᠴᠥᠯ ᠪᠤᠶᠤ ᠰᠠᠭᠤᠭᠠᠯᠢᠴᠢᠳ ᠦᠭᠡᠢ ᠬᠣᠲᠠ ᠪᠣᠯᠭᠠᠨ᠎ᠠ᠃
7 ᠪᠢ ᠴᠢᠮᠠᠶᠢ ᠰᠥᠨᠥᠭᠡᠭᠴᠢᠳ ᠢ ᠪᠡᠯᠡᠳᠬᠡᠨ᠎ᠡ᠂ ᠲᠡᠳᠡᠨ ᠦ ᠬᠥᠮᠦᠨ ᠪᠦᠷᠢ ᠵᠡᠪᠰᠡᠭ ᠢᠶᠡᠨ ᠪᠠᠷᠢᠨ ᠬᠠᠮᠤᠭ ᠤᠨ ᠭᠣᠶᠣ ᠬᠤᠱᠢ ᠮᠣᠳᠣ ᠶᠢ ᠴᠢᠨᠢ ᠣᠭᠲᠣᠯᠵᠤ᠂ ᠭᠠᠯ ᠳᠤ ᠬᠠᠶᠠᠨ᠎ᠠ᠃ 8 ᠣᠯᠠᠨ ᠦᠨᠳᠦᠰᠦᠲᠡᠨ ᠡᠨᠡ ᠬᠣᠲᠠ ᠪᠠᠷ ᠥᠩᠭᠡᠷᠡᠵᠦ᠂ ᠨᠢᠭᠡ ᠨᠢ᠄ 〈ᠶᠣᠬᠣᠸᠠ ᠶᠠᠭᠠᠬᠢᠭᠠᠳ ᠡᠨᠡ ᠠᠭᠤᠤ ᠬᠣᠲᠠ ᠳᠤ ᠡᠨᠡ ᠮᠡᠲᠦ ᠦᠢᠯᠡᠳᠪᠡ︖〉 ᠭᠡᠪᠡᠯ᠂ 9 ᠨᠥᠭᠥᠭᠡ ᠨᠢ᠄ 〈ᠤᠴᠢᠷ ᠨᠢ ᠲᠡᠳᠡ ᠶᠣᠬᠣᠸᠠ ᠪᠤᠷᠬᠠᠨ ᠤ ᠪᠠᠨ ᠭᠡᠷ᠎ᠡ ᠶᠢ ᠣᠷᠬᠢᠵᠤ᠂ ᠥᠭᠡᠷ᠎ᠡ ᠪᠤᠷᠬᠠᠳ ᠲᠤ ᠮᠥᠷᠭᠥᠨ᠂ ᠲᠡᠳᠡᠨ ᠳᠦ ᠦᠢᠯᠡᠴᠢᠯᠡᠭᠰᠡᠨ ᠶᠤᠮ〉》 ᠭᠡᠵᠦ ᠬᠠᠷᠢᠭᠤᠯᠤᠨ᠎ᠠ᠃
10 ᠲᠠ ᠨᠠᠷ ᠦᠬᠦᠭᠰᠡᠨ ᠬᠠᠭᠠᠨ ᠤ ᠲᠥᠯᠥᠭᠡ ᠪᠦᠦ ᠤᠬᠢᠯᠠ᠂ ᠪᠦᠦ ᠭᠠᠰᠢᠭᠤᠳᠠ᠂ ᠬᠠᠷᠢᠨ ᠴᠥᠯᠡᠭᠳᠡᠭᠰᠡᠨ ᠨᠢᠭᠡᠨ ᠦ ᠪᠠᠨ ᠲᠥᠯᠥᠭᠡ ᠲᠡᠭᠦᠨ ᠦ ᠡᠷᠭᠢᠵᠦ ᠢᠷᠡᠬᠦ ᠦᠭᠡᠢ᠂ ᠲᠥᠷᠥᠭᠰᠡᠨ ᠨᠤᠲᠤᠭ ᠢᠶᠠᠨ ᠳᠠᠬᠢᠨ ᠬᠠᠷᠠᠬᠤ ᠦᠭᠡᠢ ᠶᠢᠨ ᠤᠴᠢᠷ ᠲᠤ ᠭᠠᠰᠢᠭᠤᠨ ᠢᠶᠠᠷ ᠤᠬᠢᠯᠠᠭᠲᠤᠨ᠂
11 ᠶᠦᠳᠠ ᠶᠢᠨ ᠬᠠᠭᠠᠨ᠂ ᠡᠴᠢᠭᠡ ᠶᠣᠰᠢᠶ᠎ᠠ ᠪᠠᠨ ᠵᠠᠯᠭᠠᠮᠵᠢᠯᠠᠨ ᠬᠠᠭᠠᠨᠴᠢᠯᠠᠵᠤ ᠪᠠᠢᠬᠤ ᠳᠠᠭᠠᠨ ᠡᠨᠡ ᠭᠠᠵᠠᠷ ᠠᠴᠠ ᠠᠪᠠᠴᠢᠭᠳᠠᠭᠰᠠᠨ ᠶᠣᠰᠢᠶ᠎ᠠ ᠶᠢᠨ ᠬᠦᠦ ᠱᠠᠯᠦ᠋ᠮ 6 ᠤᠨ ᠲᠠᠯ᠎ᠠ ᠪᠠᠷ ᠶᠣᠬᠣᠸᠠ ᠪᠢ ᠠᠢᠯᠠᠳᠴᠤ ᠪᠠᠢᠨ᠎ᠠ᠄ 《ᠲᠡᠷᠡ ᠳᠠᠬᠢᠨ ᠡ᠊ᠨᠳᠡ ᠪᠤᠴᠠᠵᠤ ᠢᠷᠡᠯ ᠦᠭᠡᠢ᠂ 12 ᠴᠥᠯᠡᠭᠳᠡᠨ ᠣᠴᠢᠭᠰᠠᠨ ᠭᠠᠵᠠᠷ ᠲᠠᠭᠠᠨ ᠦᠬᠦᠨ᠎ᠡ᠂ ᠡᠨᠡ ᠭᠠᠵᠠᠷ ᠢ ᠳᠠᠬᠢᠨ ᠬᠠᠷᠠᠬᠤ ᠦᠭᠡᠢ︕
13 ᠥᠪᠡᠷ ᠦᠨ ᠢᠶᠠᠨ ᠣᠷᠳᠣᠨ ᠢ ᠵᠥᠪ ᠪᠤᠰᠤ ᠪᠠᠷ ᠥᠷᠥᠭᠡ ᠨᠦᠭᠦᠳ ᠢᠶᠡᠨ ᠰᠢᠳᠤᠷᠭᠤ ᠪᠤᠰᠤ ᠪᠠᠷ ᠪᠠᠷᠢᠨ ᠬᠥᠷᠰᠢ ᠪᠠᠨ ᠬᠥᠯᠥᠰᠥ ᠥᠭᠭᠥᠯ ᠦᠭᠡᠢ ᠬᠥᠳᠡᠯᠮᠦᠷᠢᠯᠡᠭᠦᠯᠳᠡᠭ᠌ ᠨᠢᠭᠡᠨ ᠭᠠᠰᠠᠯᠠᠩᠲᠠᠶ᠎ᠠ᠃
14 ᠲᠡᠷᠡ ᠪᠡᠷ᠄ 〈ᠠᠭᠤᠵᠢᠭᠤ ᠥᠷᠥᠭᠡ ᠨᠦᠭᠦᠳ ᠲᠡᠢ᠂ ᠠᠰᠤᠷᠤ ᠲᠣᠮᠣ ᠣᠷᠳᠣᠨ ᠪᠠᠷᠢᠶ᠎ᠠ〉 ᠭᠡᠳ ᠲᠣᠮᠣ ᠴᠣᠩ᠋ᠬᠣ ᠭᠠᠷᠭᠠᠵᠤ᠂ ᠬᠤᠱᠢ ᠪᠠᠷ ᠬᠠᠪᠲᠠᠰᠤᠯᠠᠨ᠂ ᠤᠯᠠᠭᠠᠨ ᠢᠶᠠᠷ ᠪᠣᠳᠣᠵᠤ ᠪᠠᠢᠨ᠎ᠠ᠃
15 ᠴᠢ ᠬᠤᠱᠢ ᠪᠠᠷ ᠪᠠᠬᠠᠷᠬᠠᠭᠰᠠᠨ ᠢᠶᠠᠷ ᠬᠠᠭᠠᠨ ᠪᠣᠯᠬᠤ ᠨᠢ ᠤᠤ︖ ᠡᠴᠢᠭᠡ ᠴᠢᠨᠢ ᠴᠤ ᠢᠳᠡᠵᠦ ᠤᠤᠭᠤᠵᠤ ᠪᠠᠢᠭᠰᠠᠨ᠂ ᠬᠠᠷᠢᠨ ᠬᠠᠵᠠᠭᠤ ᠪᠠᠷ ᠨᠢ ᠵᠥᠪ ᠰᠢᠳᠤᠷᠭᠤ ᠶᠢ ᠦᠢᠯᠡᠳᠦᠭᠰᠡᠨ ᠲᠤᠯᠠ ᠲᠡᠭᠦᠨ ᠦ ᠦᠶ᠎ᠡ ᠳᠦ ᠪᠦᠬᠦ ᠦᠢᠯᠡᠰ ᠨᠢ ᠠᠮᠵᠢᠯᠲᠠ ᠲᠠᠢ ᠪᠠᠢᠭᠰᠠᠨ ᠪᠢᠰᠢ ᠤᠤ︖
16 ᠲᠡᠷᠡ ᠪᠡᠷ ᠦᠭᠡᠭᠦᠦ ᠶᠠᠳᠠᠭᠤᠰ ᠢ ᠥᠮᠥᠭᠯᠡᠨ ᠳᠡᠮᠵᠢᠭᠰᠡᠨ ᠲᠤᠯᠠ ᠪᠦᠬᠦ ᠶᠠᠭᠤᠮ᠎ᠠ ᠨᠢ ᠠᠮᠵᠢᠯᠲᠠ ᠲᠠᠢ ᠪᠠᠢᠭᠰᠠᠨ ᠨᠠᠮᠠᠶᠢ ᠮᠡᠳᠡᠬᠦ ᠭᠡᠳᠡᠭ ᠨᠢ ᠡᠢᠮᠦ ᠪᠠᠢᠬᠤ ᠶᠣᠰᠣᠲᠠᠢ ᠪᠢᠰᠢ ᠤᠤ︖〉 ᠶᠣᠬᠣᠸᠠ ᠪᠢ ᠠᠢᠯᠠᠳᠴᠤ ᠪᠠᠢᠨ᠎ᠠ᠃》
17 ᠬᠠᠷᠢᠨ ᠬᠠᠷᠠᠴᠠ ᠴᠢᠨᠢ ᠰᠡᠳᠬᠢᠯ ᠲᠠᠢ ᠴᠢᠨᠢ ᠬᠠᠮᠲᠤ ᠰᠢᠳᠤᠷᠭᠤ ᠪᠤᠰᠤ ᠶᠢ ᠣᠯᠬᠤ᠂ ᠭᠡᠮ ᠦᠭᠡᠢ ᠴᠢᠰᠤ ᠶᠢ ᠤᠷᠤᠰᠬᠠᠬᠤ ᠪᠣᠯᠣᠨ ᠳᠠᠷᠤᠯᠠᠨ ᠬᠦᠴᠦᠷᠬᠡᠭᠯᠡᠬᠦ ᠳᠡᠭᠡᠷ᠎ᠡ ᠯᠠ ᠲᠤᠰᠴᠤ ᠪᠠᠢᠨ᠎ᠠ᠃
18 ᠲᠡᠢᠮᠦ ᠡᠴᠡ ᠶᠣᠬᠣᠸᠠ ᠪᠢ ᠶᠣᠰᠢᠶ᠎ᠠ ᠶᠢᠨ ᠬᠦᠦ᠂ ᠶᠦᠳᠠ ᠶᠢᠨ ᠬᠠᠭᠠᠨ ᠶᠧᠬᠣᠢᠶᠠᠺᠢᠮ ᠤᠨ ᠲᠠᠯ᠎ᠠ ᠪᠠᠷ ᠠᠢᠯᠠᠳᠴᠤ ᠪᠠᠢᠨ᠎ᠠ᠄ 《ᠲᠡᠷᠡ ᠪᠡᠷ᠄ 〈ᠡ᠂ ᠠᠬ᠎ᠠ ᠮᠢᠨᠢ︕〉 ᠡᠰᠡᠪᠡᠯ᠂ 〈ᠡ᠂ ᠡᠭᠡᠴᠢ ᠮᠢᠨᠢ︕〉 ᠭᠡᠵᠦ ᠥᠪᠡᠷ ᠦᠨ ᠬᠢᠨᠢ ᠲᠥᠯᠥᠭᠡ ᠭᠠᠰᠢᠭᠤᠳᠠᠬᠤ᠂ 〈ᠡ᠂ ᠡᠵᠡᠨ ᠮᠢᠨᠢ︕〉᠂ 〈ᠡ᠂ ᠬᠠᠭᠠᠨᠲᠠᠨ ᠮᠢᠨᠢ〉 ᠭᠡᠵᠦ ᠥᠪᠡᠷ ᠦᠨ ᠬᠢᠨᠢ ᠲᠥᠯᠥᠭᠡ ᠭᠠᠰᠢᠭᠤᠳᠠᠬᠤ ᠬᠥᠮᠦᠨ ᠦᠭᠡᠢ ᠪᠠᠷ
19 ᠶᠧᠷᠦ᠋ᠰᠠᠯᠧᠮ ᠤᠨ ᠬᠠᠭᠠᠯᠭᠠᠨ ᠠᠴᠠ ᠭᠠᠳᠠᠭᠰᠢ ᠡᠯᠵᠢᠭᠡ ᠮᠡᠲᠦ ᠪᠡᠷ ᠴᠢᠷᠦᠭᠦᠯᠦᠨ ᠭᠠᠷᠴᠤ᠂ ᠪᠤᠯᠠᠰᠢᠯᠠᠭᠳᠠᠨᠠ᠃
20 ᠶᠧᠷᠦ᠋ᠰᠠᠯᠧᠮ ᠡ᠂ ᠬᠠᠢᠷᠠᠲᠤ ᠨᠤᠭᠤᠳ ᠴᠢᠨᠢ ᠪᠤᠲᠠ ᠴᠣᠬᠢᠭᠳᠠᠭᠰᠠᠨ ᠲᠠ ᠨᠠᠷ ᠯᠧᠪᠠᠨᠣᠨ ᠥᠭᠡᠳᠡ ᠭᠠᠷᠴᠤ ᠬᠠᠰᠬᠢᠷ᠂ ᠪᠠᠱᠠᠨ ᠳᠤ ᠳᠠᠭᠤ ᠪᠠᠨ ᠰᠣᠨᠣᠰᠬ᠎ᠠ ᠠᠪᠠᠷᠢᠮ ᠠᠴᠠ ᠴᠤ ᠬᠠᠰᠬᠢᠷ᠃
21 ᠡᠩᠬᠡ ᠲᠠᠢᠪᠤᠩ ᠦᠶ᠎ᠡ ᠳᠦ ᠴᠢᠨᠢ ᠪᠢ ᠰᠠᠨᠠᠭᠤᠯᠤᠭᠰᠠᠨ ᠪᠣᠯᠪᠠᠴᠤ ᠴᠢ᠄ 〈ᠰᠣᠨᠣᠰᠬᠤ ᠦᠭᠡᠢ︕〉 ᠭᠡᠰᠡᠨ᠂ ᠢᠩᠭᠢᠬᠦ ᠨᠢ ᠴᠢᠨᠦ ᠵᠤᠷᠰᠢᠯ᠂ ᠢᠳᠡᠷ ᠵᠠᠯᠠᠭᠤ ᠠᠴᠠ ᠪᠠᠨ ᠴᠢ ᠮᠢᠨᠦ ᠳᠠᠭᠤ ᠶᠢ ᠳᠠᠭᠠᠭ᠎ᠠ ᠦᠭᠡᠢ᠃
22 ᠬᠣᠨᠢᠴᠢᠳ ᠴᠢᠨᠢ ᠪᠦᠭᠦᠳᠡᠭᠡᠷ ᠰᠠᠯᠬᠢᠨ ᠳᠤ ᠲᠠᠭᠤᠭᠳᠠᠵᠤ᠂ ᠬᠠᠢᠷᠠᠲᠤ ᠨᠤᠭᠤᠳ ᠴᠢᠨᠢ ᠴᠥᠯᠡᠭᠳᠡᠬᠦ ᠦᠶ᠎ᠡ ᠳᠦ ᠯᠠ ᠬᠣᠷᠣᠨ ᠮᠠᠭᠤ ᠪᠦᠬᠦ ᠶᠠᠪᠤᠳᠠᠯ ᠠᠴᠠ ᠪᠠᠨ ᠴᠢ ᠯᠠᠪᠲᠠᠢᠠ ᠢᠴᠢᠵᠦ ᠭᠤᠲᠤᠨ᠎ᠠ᠃
23 ᠬᠤᠱᠢ ᠮᠣᠳᠣᠨ ᠳᠤ ᠡᠭᠦᠷᠯᠡᠵᠦ᠂ 〈ᠯᠧᠪᠠᠨᠣᠨ〉 ᠳᠤ ᠰᠠᠭᠤᠳᠠᠭ ᠴᠢ︕ ᠨᠢᠷᠠᠢᠯᠠᠬᠤ ᠪᠦᠰᠡᠭᠦᠢ ᠶᠢᠨ ᠡᠪᠡᠳᠦᠯᠲᠡ ᠮᠡᠲᠦ ᠡᠪᠡᠳᠦᠯᠲᠡ ᠢᠷᠡᠬᠦ ᠳᠦ ᠶᠠᠭᠠᠬᠢᠵᠤ ᠶᠣᠣᠯᠠᠬᠤ ᠪᠣᠯ︕》
24 《ᠶᠣᠬᠣᠸᠠ ᠪᠢ ᠠᠢᠯᠠᠳᠴᠤ ᠪᠠᠢᠨ᠎ᠠ᠄ ᠪᠢ ᠥᠪᠡᠷ ᠦᠨ ᠢᠶᠠᠨ ᠠᠮᠢᠳᠤ ᠪᠤᠢ ᠪᠠᠷ ᠲᠠᠩ᠋ᠭᠠᠷᠢᠭᠯᠠᠶ᠎ᠠ᠃ ᠶᠦᠳᠠ ᠶᠢᠨ ᠬᠠᠭᠠᠨ ᠶᠧᠬᠣᠢᠶᠠᠺᠢᠮ ᠤᠨ ᠬᠦᠦ ᠺᠣᠨᠢᠶᠠ 7 ᠶᠧᠬᠣᠢᠶᠠᠺᠢᠨ ᠡ᠂ ᠴᠢ ᠪᠠᠷᠠᠭᠤᠨ ᠭᠠᠷ ᠳᠠᠬᠢ ᠲᠠᠮᠠᠭᠠᠲᠤ ᠪᠥᠭᠡᠵᠢ ᠮᠢᠨᠢ ᠪᠠᠢᠯ᠎ᠠ ᠴᠤ᠂ ᠪᠢ ᠴᠢᠮᠠᠶᠢ ᠰᠤᠭᠤᠯᠵᠤ ᠭᠠᠷᠭᠠᠨ 25 ᠠᠮᠢ ᠶᠢ ᠴᠢᠨᠢ ᠬᠠᠢᠵᠤ ᠪᠤᠢ ᠬᠥᠮᠦᠰ ᠦᠨ ᠭᠠᠷ ᠲᠤ᠂ ᠴᠢᠨᠦ ᠠᠶᠤᠳᠠᠭ ᠪᠠᠪᠢᠯᠣᠨ ᠤ ᠬᠠᠭᠠᠨ ᠨᠧᠪᠦ᠋ᠺᠠᠨᠧᠽᠠᠷ ᠪᠣᠯᠣᠨ ᠪᠠᠪᠢᠯᠣᠨᠴᠤᠳ ᠤᠨ ᠭᠠᠷ ᠲᠤ ᠲᠤᠰᠢᠶᠠᠨ᠎ᠠ᠃ 26 ᠪᠢ ᠴᠢᠮᠠᠶᠢ ᠪᠣᠯᠣᠨ ᠴᠢᠮᠠᠶᠢ ᠲᠥᠷᠥᠭᠦᠯᠦᠭᠰᠡᠨ ᠡᠬᠡ ᠶᠢ ᠴᠢᠨᠢ ᠲᠠ ᠨᠠᠷ ᠤᠨ ᠲᠥᠷᠥᠭᠰᠡᠨ ᠨᠤᠲᠤᠭ ᠪᠢᠰᠢ ᠥᠭᠡᠷ᠎ᠡ ᠨᠤᠲᠤᠭ ᠤᠷᠤᠭᠤ ᠴᠢᠯᠠᠭᠤᠳᠠᠬᠤ ᠪᠥᠭᠡᠳ ᠲᠡᠨᠳᠡ ᠲᠠ ᠨᠠᠷ ᠦᠬᠦᠨ᠎ᠡ᠃ 27 ᠲᠡᠢᠨ ᠬᠦ ᠲᠠ ᠨᠠᠷ ᠪᠤᠴᠠᠬᠤ ᠪᠠᠷ ᠬᠦᠰᠡᠵᠦ ᠪᠤᠢ ᠨᠤᠲᠤᠭ ᠤᠷᠤᠭᠤ ᠪᠠᠨ ᠪᠤᠴᠠᠵᠤ ᠴᠢᠳᠠᠬᠤ ᠦᠭᠡᠢ᠃
28 ᠡᠨᠡ ᠬᠥᠮᠦᠨ ᠺᠣᠨᠢᠶᠠ ᠪᠣᠯ ᠭᠣᠯᠣᠭᠳᠠᠵᠤ ᠬᠠᠭᠠᠷᠠᠭᠰᠠᠨ ᠸᠠᠭᠠᠷ ᠬᠡᠨ ᠦ ᠴᠤ ᠬᠦᠰᠡᠳᠡᠭ ᠦᠭᠡᠢ ᠰᠠᠪᠠ ᠶᠤᠮ ᠤᠤ︖ ᠶᠠᠭᠠᠬᠢᠭᠠᠳ ᠲᠡᠷᠡ ᠦᠷ᠎ᠡ ᠬᠡᠦᠬᠡᠳ ᠤᠳ ᠲᠠᠢ ᠪᠠᠨ ᠬᠠᠮᠲᠤ ᠴᠢᠯᠠᠭᠤᠳᠠᠭᠳᠠᠵᠤ ᠥᠪᠡᠷᠰᠡᠳ ᠦᠨ ᠢᠶᠠᠨ ᠦᠯᠦ ᠮᠡᠳᠡᠬᠦ ᠭᠠᠵᠠᠷ ᠨᠤᠲᠤᠭ ᠤᠷᠤᠭᠤ ᠬᠠᠶᠠᠭᠳᠠᠪᠠ︖
29 ᠨᠤᠲᠤᠭ ᠡ᠂ ᠨᠤᠲᠤᠭ ᠡ᠂ ᠨᠤᠲᠤᠭ ᠡ᠂ ᠶᠣᠬᠣᠸᠠ ᠶᠢᠨ ᠦᠭᠡ ᠶᠢ ᠰᠣᠨᠣᠰ︕
30 ᠶᠣᠬᠣᠸᠠ ᠪᠢ ᠠᠢᠯᠠᠳᠴᠤ ᠪᠠᠢᠨ᠎ᠠ᠄ ᠡᠨᠡ ᠬᠥᠮᠦᠨ ᠢ 〈ᠦᠷ᠎ᠡ ᠬᠡᠦᠬᠡᠳ ᠦᠭᠡᠢ᠂ ᠥᠪᠡᠷ ᠦᠨ ᠢᠶᠠᠨ ᠡᠳᠦᠷ ᠤᠳ ᠲᠤ ᠠᠮᠵᠢᠯᠲᠠ ᠣᠯᠬᠤ ᠦᠭᠡᠢ ᠬᠥᠮᠦᠨ〉 ᠭᠡᠵᠦ ᠪᠢᠴᠢ ᠤᠴᠢᠷ ᠨᠢ ᠦᠷ᠎ᠡ ᠬᠣᠢᠴᠢ ᠶᠢᠨ ᠬᠢᠨᠢ ᠳᠤᠮᠳᠠ ᠠᠴᠠ ᠳ᠋ᠠᠸᠢᠳ᠋ ᠤᠨ ᠰᠡᠨᠲᠢ ᠳᠤ ᠠᠮᠵᠢᠯᠲᠠ ᠲᠠᠢ ᠰᠠᠭᠤᠵᠤ ᠶᠦᠳᠠ ᠳᠤ ᠬᠠᠭᠠᠨᠴᠢᠯᠠᠬᠤ ᠬᠥᠮᠦᠨ ᠭᠠᠷᠬᠤ ᠦᠭᠡᠢ ᠪᠠᠢᠬᠤ ᠪᠣᠯᠣᠨ᠎ᠠ᠃》