1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠭᠤᠴᠢᠨ ᠭᠤᠷᠪᠠ
 ᠰᠡᠷᠭᠦᠯᠲᠡ ᠶᠢᠨ ᠲᠤᠬᠠᠢ ᠠᠮᠠᠯᠠᠯᠲᠠ

1 ᠶᠧᠷᠧᠮᠢᠶ᠎ᠠ ᠬᠠᠷᠠᠭᠤᠯ ᠤᠨ ᠬᠠᠰᠢᠶᠠᠨ ᠳᠤ ᠬᠣᠷᠢᠭᠳᠠᠭᠰᠠᠭᠠᠷ ᠪᠠᠢᠬᠤ ᠦᠶ᠎ᠡ ᠳᠦ᠂ ᠶᠣᠬᠣᠸᠠ ᠶᠢᠨ ᠦᠭᠡ ᠲᠡᠭᠦᠨ ᠳᠦ ᠬᠣᠶᠠᠳᠠᠬᠢ ᠤᠳᠠᠭ᠎ᠠ ᠪᠠᠨ ᠢᠷᠡᠪᠡ᠄ 2 《ᠭᠠᠵᠠᠷ ᠳᠡᠯᠡᠬᠡᠢ ᠶᠢ ᠪᠦᠲᠦᠭᠡᠭᠰᠡᠨ ᠶᠣᠬᠣᠸᠠ᠂ ᠲᠡᠭᠦᠨ ᠢ ᠪᠦᠷᠢᠯᠳᠦᠭᠦᠯᠵᠦ ᠲᠣᠭᠲᠠᠭᠠᠭᠰᠠᠨ ᠶᠣᠬᠣᠸᠠ᠂ ᠶᠣᠬᠣᠸᠠ ᠭᠡᠵᠦ ᠨᠡᠷᠡᠯᠡᠭᠳᠡᠳᠡᠭ ᠨᠢᠭᠡᠨ ᠡᠢᠨ ᠬᠦ ᠠᠢᠯᠠᠳᠴᠤ ᠪᠠᠢᠨ᠎ᠠ᠄ 3 〈ᠨᠠᠮᠠᠶᠢ ᠳᠠᠭᠤᠳᠠ᠂ ᠪᠢ ᠴᠢᠮ᠎ᠠ ᠳᠤ ᠬᠠᠷᠢᠭᠤᠯᠵᠤ᠂ ᠴᠢᠨᠦ ᠮᠡᠳᠡᠳᠡᠭ ᠦᠭᠡᠢ᠂ ᠠᠤᠭ᠎ᠠ ᠨᠢᠭᠤᠴᠠᠯᠢᠭ ᠵᠦᠢᠯᠡᠰ ᠢ ᠮᠡᠳᠡᠭᠦᠯᠦᠶ᠎ᠡ᠃〉 4 ᠢᠰᠷᠧᠯ ᠤᠨ ᠪᠤᠷᠬᠠᠨ ᠶᠣᠬᠣᠸᠠ ᠡᠨᠡ ᠬᠣᠲᠠ ᠶᠢᠨ ᠭᠡᠷ ᠤᠳ ᠪᠣᠯᠣᠨ ᠶᠦᠳᠠ ᠶᠢᠨ ᠬᠠᠭᠠᠨ ᠤ ᠣᠷᠳᠣᠨ ᠤ ᠲᠠᠯ᠎ᠠ ᠪᠠᠷ ᠬᠡᠯᠡᠵᠦ ᠪᠠᠢᠨ᠎ᠠ᠄ 〈ᠬᠣᠲᠠ ᠶᠢᠨ ᠬᠢᠨ ᠲᠡᠳᠡᠭᠡᠷ ᠢ ᠨᠤᠷᠠᠭᠠᠵᠤ᠂ ᠪᠦᠰᠡᠯᠡᠯᠲᠡ ᠶᠢᠨ ᠳᠠᠯᠠᠩ ᠪᠣᠯᠣᠨ ᠢᠯᠳᠦᠨ ᠡᠴᠡ ᠬᠠᠮᠠᠭᠠᠯᠠᠬᠤ ᠭᠡᠰᠡᠨ ᠴᠤ 5 ᠪᠠᠪᠢᠯᠣᠨᠴᠤᠳ ᠢᠷᠡᠵᠦ ᠲᠤᠯᠤᠯᠳᠤᠭᠰᠠᠨ ᠤ ᠳᠠᠷᠠᠭ᠎ᠠ᠂ ᠡᠨᠡ ᠬᠣᠲᠠ ᠶᠢ ᠮᠢᠨᠦ ᠠᠭᠤᠷ ᠬᠢᠯᠢᠩ ᠳᠤ ᠴᠣᠬᠢᠭᠤᠯᠤᠭᠰᠠᠨ ᠬᠥᠮᠦᠰ ᠦᠨ ᠬᠡᠭᠦᠷ ᠢᠶᠡᠷ ᠳᠦᠭᠦᠷᠭᠡᠬᠦ ᠪᠣᠯᠣᠨ᠎ᠠ᠂ ᠠᠯᠢᠪᠠ ᠥᠭᠡᠳᠡ ᠦᠭᠡᠢ ᠶᠠᠪᠤᠳᠠᠯ ᠤᠨ ᠬᠢᠨᠢ ᠤᠯᠠᠮ ᠢᠶᠠᠷ ᠪᠢ ᠡᠨᠡ ᠬᠣᠲᠠ ᠠᠴᠠ ᠨᠢᠭᠤᠷ ᠢᠶᠠᠨ ᠨᠢᠭᠤᠭᠰᠠᠨ ᠪᠢᠯᠡ᠃ 6 ᠭᠡᠪᠡᠴᠦ ᠪᠢ ᠲᠡᠭᠦᠨ ᠳᠦ ᠰᠡᠷᠭᠦᠯᠲᠡ ᠪᠠ ᠡᠳᠡᠭᠡᠷᠡᠯ ᠢ ᠠᠪᠴᠢᠷᠠᠨ᠎ᠠ︕ ᠪᠢ ᠲᠡᠳᠡᠨ ᠢ ᠡᠳᠡᠭᠡᠭᠡᠵᠦ᠂ ᠲᠡᠳᠡᠨ ᠳᠦ ᠦᠯᠡᠮᠵᠢ ᠶᠡᠬᠡ ᠪᠥᠭᠡᠳ ᠦᠨᠡᠨ ᠡᠩᠬᠡ ᠠᠮᠤᠭᠤᠯᠠᠩ ᠢ ᠡᠳ᠋ᠯᠡᠭᠦᠯᠦᠨ᠎ᠡ᠃ 7 ᠪᠢ ᠶᠦᠳᠠ ᠪᠣᠯᠣᠨ ᠢᠰᠷᠧᠯ ᠤᠨ ᠴᠥᠯᠡᠭᠳᠡᠭᠰᠡᠳ ᠢ ᠪᠤᠴᠠᠭᠠᠨ ᠠᠪᠴᠢᠷᠠᠵᠤ᠂ ᠤᠤᠯ ᠤᠨ ᠬᠢᠨᠢ ᠰᠢᠭ᠋ ᠰᠡᠷᠭᠦᠭᠡᠨ᠎ᠡ᠃ 8 ᠪᠢ ᠲᠡᠳᠡᠨ ᠦ ᠥᠪᠡᠷ ᠲᠦ ᠮᠢᠨᠢ ᠦᠢᠯᠡᠳᠦᠭᠰᠡᠨ ᠠᠯᠢᠪᠠ ᠭᠡᠮ ᠪᠤᠷᠤᠭᠤ ᠶᠢ ᠴᠡᠪᠡᠷᠯᠡᠵᠦ᠂ ᠥᠪᠡᠷ ᠡᠴᠡ ᠮᠢᠨᠢ ᠤᠷᠪᠠᠭᠰᠠᠨ ᠨᠢᠭᠦᠯ ᠤᠳ ᠢ ᠥᠷᠥᠰᠢᠶᠡᠨ᠎ᠡ᠃ 9 ᠡᠨᠡ ᠬᠣᠲᠠ ᠳᠡᠯᠡᠬᠡᠢ ᠶᠢᠨ ᠪᠦᠬᠦ ᠦᠨᠳᠦᠰᠦᠲᠡᠨ ᠦ ᠡᠮᠦᠨ᠎ᠡ ᠮᠢᠨᠦ ᠲᠠᠭᠠᠯᠠᠳᠠᠭ ᠨᠡᠷ᠎ᠡ ᠪᠣᠯᠵᠤ᠂ ᠳᠡᠯᠡᠬᠡᠢ ᠶᠢᠨ ᠪᠦᠬᠦ ᠦᠨᠳᠦᠰᠦᠲᠡᠨ ᠦ ᠮᠠᠭᠲᠠᠭᠠᠯ ᠬᠦᠨᠳᠦᠳᠬᠡᠯ ᠢ ᠨᠠᠳᠠ ᠳᠤ ᠠᠪᠴᠢᠷᠠᠨ᠎ᠠ᠃ ᠲᠡᠳᠡ ᠮᠢᠨᠦ ᠡᠨᠡ ᠠᠷᠠᠳ ᠲᠦᠮᠡᠨ ᠳᠦ ᠦᠢᠯᠡᠳᠦᠭᠰᠡᠨ ᠠᠯᠢᠪᠠ ᠰᠠᠢᠨ ᠤ ᠲᠠᠯ᠎ᠠ ᠪᠠᠷ ᠰᠣᠨᠣᠰᠬᠤ ᠪᠥᠭᠡᠳ ᠡᠨᠡ ᠬᠣᠲᠠ ᠳᠤ ᠮᠢᠨᠦ ᠦᠢᠯᠡᠳᠦᠭᠰᠡᠨ ᠠᠯᠢᠪᠠ ᠰᠠᠢᠨ᠂ ᠠᠯᠢᠪᠠ ᠠᠮᠤᠭᠤᠯᠠᠩ ᠤᠨ ᠤᠯᠠᠮ ᠢᠶᠠᠷ ᠡᠮᠢᠶᠡᠨ ᠴᠡᠴᠡᠷᠡᠬᠦ ᠪᠣᠯᠣᠨ᠎ᠠ〉》 ᠭᠡᠪᠡ᠃

10 ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠ ᠨᠠᠷ ᠤᠨ 〈ᠬᠥᠮᠦᠨ ᠠᠮᠢᠲᠠᠨ ᠦᠭᠡᠢ ᠵᠡᠯᠢᠭᠦᠳ ᠭᠠᠵᠠᠷ〉 ᠭᠡᠵᠦ ᠶᠠᠷᠢᠳᠠᠭ ᠡᠨᠡ ᠭᠠᠵᠠᠷ᠂ ᠬᠥᠮᠦᠨ ᠠᠮᠢᠲᠠᠨ ᠦᠭᠡᠢ᠂ ᠰᠠᠭᠤᠭᠠᠯᠢᠴᠢᠳ ᠦᠭᠡᠢ ᠵᠡᠯᠢᠭᠦᠳ ᠪᠣᠯᠣᠭᠰᠠᠨ ᠶᠦᠳᠠ ᠶᠢᠨ ᠬᠣᠲᠠ ᠲᠣᠰᠬᠣᠳ ᠪᠠ ᠶᠧᠷᠦ᠋ᠰᠠᠯᠧᠮ ᠤᠨ ᠭᠤᠳᠤᠮᠵᠢ ᠨᠤᠭᠤᠳ ᠲᠤ ᠳᠠᠬᠢᠨ 11 ᠰᠦᠢᠲᠦ ᠵᠠᠯᠠᠭᠤ ᠪᠣᠯᠣᠨ ᠰᠦᠢᠲᠦ ᠪᠦᠰᠡᠭᠦᠢ ᠶᠢᠨ ᠳᠠᠭᠤ ᠮᠡᠲᠦ ᠬᠥᠷ ᠪᠠᠶᠠᠷ ᠤᠨ ᠳᠠᠭᠤ ᠬᠢᠭᠡᠳ 〈ᠠᠤᠭ᠎ᠠ ᠬᠦᠴᠦᠲᠦ ᠶᠣᠬᠣᠸᠠ ᠳᠤ ᠲᠠᠯᠠᠷᠬᠠᠵᠠᠭ᠎ᠠ᠂ ᠶᠣᠬᠣᠸᠠ ᠰᠠᠢᠨ᠂ ᠲᠡᠭᠦᠨ ᠦ ᠦᠨᠡᠨ ᠬᠠᠢᠷ᠎ᠠ ᠡᠭᠦᠷᠢᠳᠡ ᠶᠢᠨ ᠬᠢ〉 ᠭᠡᠵᠡᠭᠡᠨ᠂ ᠲᠠᠯᠠᠷᠬᠠᠯ ᠤᠨ ᠲᠠᠬᠢᠯ ᠤᠳ ᠢ ᠶᠣᠬᠣᠸᠠ ᠶᠢᠨ ᠥᠷᠭᠥᠭᠡᠨ ᠳᠦ ᠠᠪᠴᠢᠷᠠᠬᠤ ᠬᠥᠮᠦᠰ ᠦᠨ ᠳᠠᠭᠤ ᠰᠣᠨᠣᠰᠳᠠᠬᠤ ᠪᠣᠯᠣᠨ᠎ᠠ᠃ ᠦᠨᠡᠬᠡᠷ ᠪᠢ ᠡᠨᠡ ᠨᠤᠲᠤᠭ ᠤᠨ ᠴᠥᠯᠡᠭᠳᠡᠭᠰᠡᠳ ᠢ ᠪᠤᠴᠠᠭᠠᠨ ᠠᠪᠴᠢᠷᠠᠨ᠎ᠠ᠃》 ᠶᠣᠬᠣᠸᠠ ᠠᠢᠯᠠᠳᠴᠤ ᠪᠠᠢᠨ᠎ᠠ᠃

12 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠥᠮᠦᠨ ᠠᠮᠢᠲᠠᠨ ᠦᠭᠡᠢ ᠡᠵᠡᠭᠦᠢᠷᠡᠭᠰᠡᠨ ᠡᠨᠡ ᠭᠠᠵᠠᠷ᠂ ᠲᠡᠭᠦᠨ ᠦ ᠪᠦᠬᠦ ᠬᠣᠲᠠ ᠲᠣᠰᠬᠣᠳ ᠨᠢ ᠳᠠᠬᠢᠭᠠᠳ ᠬᠣᠨᠢᠴᠢᠳ ᠤᠨ ᠰᠦᠷᠦᠭ ᠢᠶᠡᠨ ᠬᠡᠪᠲᠡᠭᠦᠯᠬᠦ ᠪᠡᠯᠴᠢᠭᠡᠷ ᠲᠡᠢ ᠪᠠᠢᠬᠤ ᠪᠣᠯᠣᠨ᠎ᠠ᠃ 13 ᠠᠭᠤᠯᠠᠷᠬᠠᠭ ᠨᠤᠲᠤᠭ᠂ ᠥᠷᠥᠨ᠎ᠡ ᠶᠢᠨ ᠳᠣᠪᠣ ᠲᠣᠯᠣᠭᠠᠳ᠂ ᠡᠮᠦᠨ᠎ᠡ ᠪᠦᠰᠡ᠂ ᠪᠢᠨᠶᠠᠮᠢᠨ ᠤ ᠨᠤᠲᠤᠭ᠂ ᠶᠧᠷᠦ᠋ᠰᠠᠯᠧᠮ ᠤᠨ ᠡᠷᠭᠢᠨ ᠲᠣᠭᠣᠷᠢᠨ ᠵᠡᠷᠭᠡ ᠶᠦᠳᠠ ᠶᠢᠨ ᠪᠦᠬᠦ ᠬᠣᠲᠠ ᠲᠣᠰᠬᠣᠨ ᠳᠤ ᠮᠠᠯ ᠰᠦᠷᠦᠭ ᠳᠠᠬᠢᠨ ᠥᠪᠡᠷᠰᠡᠳ ᠢ ᠨᠢ ᠲᠣᠭᠠᠯᠠᠵᠤ ᠪᠤᠢ ᠨᠢᠭᠡᠨ ᠦ ᠭᠠᠷ ᠳᠣᠣᠭᠤᠷ ᠥᠩᠭᠡᠷᠡᠬᠦ ᠪᠣᠯᠣᠨ᠎ᠠ᠃》 ᠶᠣᠬᠣᠸᠠ ᠠᠢᠯᠠᠳᠴᠤ ᠪᠠᠢᠨ᠎ᠠ᠃

14 《ᠬᠠᠷᠠ᠂ ᠪᠢ ᠢᠰᠷᠧᠯ ᠤᠨ ᠭᠡᠷ ᠪᠣᠯᠣᠨ ᠶᠦᠳᠠ ᠶᠢᠨ ᠭᠡᠷ ᠦᠨ ᠲᠠᠯ᠎ᠠ ᠪᠠᠷ ᠶᠠᠷᠢᠭᠰᠠᠨ ᠢᠪᠡᠭᠡᠯᠲᠦ ᠦᠭᠡ ᠪᠡᠨ ᠪᠡᠶᠡᠯᠡᠭᠦᠯᠦᠨ᠎ᠡ᠂ ᠲᠡᠷᠡ ᠡᠳᠦᠷ ᠤᠳ ᠢᠷᠡᠵᠦ ᠪᠠᠢᠨ᠎ᠠ᠃》 ᠶᠣᠬᠣᠸᠠ ᠠᠢᠯᠠᠳᠴᠤ ᠪᠠᠢᠨ᠎ᠠ᠃ 15 《ᠲᠡᠷᠡ ᠡᠳᠦᠷ ᠤᠳ ᠲᠤ᠂ ᠲᠡᠷᠡ ᠴᠠᠭ ᠲᠤ᠂ ᠪᠢ ᠳ᠋ᠠᠸᠢᠳ᠋ ᠤᠨ ᠵᠥᠪ ᠰᠢᠳᠤᠷᠭᠤ ᠨᠠᠬᠢᠶ᠎ᠠ ᠶᠢ ᠭᠠᠷᠭᠠᠨ᠎ᠠ᠃ ᠲᠡᠷᠡ ᠪᠡᠷ ᠭᠠᠵᠠᠷ ᠳᠡᠭᠡᠷ᠎ᠡ ᠵᠥᠪ ᠰᠢᠳᠤᠷᠭᠤ ᠶᠢ ᠪᠡᠶᠡᠯᠡᠭᠦᠯᠦᠨ᠎ᠡ᠃ 16 ᠲᠡᠷᠡ ᠡᠳᠦᠷ ᠤᠳ ᠲᠤ ᠶᠦᠳᠠ ᠠᠪᠤᠷᠠᠭᠳᠠᠵᠤ᠂ ᠶᠧᠷᠦ᠋ᠰᠠᠯᠧᠮ ᠠᠶᠤᠯ ᠦᠭᠡᠢ ᠠᠮᠢᠳᠤᠷᠠᠬᠤ ᠪᠥᠭᠡᠳ ᠲᠡᠷᠡ ᠪᠡᠷ 〈ᠪᠢᠳᠡᠨ ᠦ ᠵᠥᠪᠲᠥᠭᠡᠭᠴᠢ ᠶᠣᠬᠣᠸᠠ〉 ᠭᠡᠳᠡᠭ ᠨᠡᠷ᠎ᠡ ᠪᠡᠷ ᠳᠠᠭᠤᠳᠠᠭᠳᠠᠨ᠎ᠠ᠃

17 ᠶᠣᠬᠣᠸᠠ ᠡᠢᠨ ᠬᠦ ᠠᠢᠯᠠᠳᠴᠤ ᠪᠠᠢᠨ᠎ᠠ᠄ 〈ᠢᠰᠷᠧᠯ ᠤᠨ ᠭᠡᠷ ᠦᠨ ᠰᠡᠨᠲᠢ ᠳᠤ ᠰᠠᠭᠤᠬᠤ ᠬᠥᠮᠦᠨ ᠳ᠋ᠠᠸᠢᠳ᠋ ᠶᠢᠨ ᠬᠢᠨ ᠤ ᠳᠤᠮᠳᠠ ᠠᠴᠠ ᠲᠠᠰᠤᠷᠠᠬᠤ ᠦᠭᠡᠢ᠃ 18 ᠮᠢᠨᠦ ᠡᠮᠦᠨ᠎ᠡ ᠰᠢᠲᠠᠭᠠᠯᠭᠠᠲᠤ ᠲᠠᠬᠢᠯ ᠡᠷᠭᠦᠨ᠂ ᠢᠳᠡᠭᠡᠨ ᠡᠷᠭᠦᠯ ᠰᠢᠲᠠᠭᠠᠵᠤ᠂ ᠲᠠᠬᠢᠯ ᠤᠳ ᠢ ᠡᠷᠭᠦᠬᠦ ᠬᠥᠮᠦᠨ ᠯᠧᠸᠢ ᠶᠢᠨ ᠲᠠᠬᠢᠯᠴᠢᠳ ᠤᠨ ᠳᠤᠮᠳᠠ ᠠᠴᠠ ᠬᠡᠵᠢᠶ᠎ᠡ ᠴᠤ ᠲᠠᠰᠤᠷᠠᠬᠤ ᠦᠭᠡᠢ〉》 ᠭᠡᠵᠡᠢ᠃

19 ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠄ 20 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠡᠷᠪᠡ ᠲᠠ ᠨᠠᠷ ᠡᠳᠦᠷ ᠬᠢᠭᠡᠳ ᠰᠥᠨᠢ ᠲᠠᠢ ᠪᠠᠢᠭᠤᠯᠤᠭᠰᠠᠨ ᠮᠢᠨᠦ ᠭᠡᠷ᠎ᠡ ᠶᠢ ᠬᠦᠴᠦᠨ ᠦᠭᠡᠢ ᠪᠣᠯᠭᠠᠵᠤ᠂ ᠡᠳᠦᠷ᠂ ᠮᠥᠨ ᠰᠥᠨᠢ ᠶᠢᠨ ᠲᠣᠭᠲᠠᠭᠰᠠᠨ ᠴᠠᠭ ᠲᠠᠭᠠᠨ ᠢᠷᠡᠬᠦ ᠶᠢ ᠪᠣᠯᠢᠭᠤᠯᠵᠤ ᠴᠢᠳᠠᠪᠠᠯ᠂ 21 ᠵᠠᠷᠤᠴᠠ ᠳ᠋ᠠᠸᠢᠳ᠋ ᠲᠠᠢ ᠪᠠᠨ ᠪᠠᠢᠭᠤᠯᠤᠭᠰᠠᠨ ᠮᠢᠨᠦ ᠭᠡᠷ᠎ᠡ ᠬᠦᠴᠦᠨ ᠦᠭᠡᠢ ᠪᠣᠯᠵᠤ᠂ ᠰᠡᠨᠲᠢ ᠳᠦᠨᠢ ᠰᠠᠭᠤᠬᠤ ᠦᠷ᠎ᠡ ᠤᠳᠤᠮ ᠨᠢ ᠦᠭᠡᠢ ᠪᠣᠯᠣᠨ᠎ᠠ᠃ ᠥᠪᠡᠷ ᠲᠦ ᠮᠢᠨᠢ ᠦᠢᠯᠡᠴᠢᠯᠡᠳᠡᠭ᠌ ᠯᠧᠸᠢ ᠶᠢᠨ ᠲᠠᠬᠢᠯᠴᠢᠳ ᠲᠠᠢ ᠪᠠᠢᠭᠤᠯᠤᠭᠰᠠᠨ ᠮᠢᠨᠦ ᠭᠡᠷ᠎ᠡ ᠴᠤ ᠬᠦᠴᠦᠨ ᠦᠭᠡᠢ ᠪᠣᠯᠣᠨ᠎ᠠ᠃ 22 ᠪᠢ ᠵᠠᠷᠤᠴᠠ ᠳ᠋ᠠᠸᠢᠳ᠋ ᠤᠨ ᠢᠶᠠᠨ ᠦᠷ᠎ᠡ ᠤᠳᠤᠮ ᠪᠣᠯᠣᠨ ᠥᠪᠡᠷ ᠲᠦ ᠮᠢᠨᠢ ᠦᠢᠯᠡᠴᠢᠯᠡᠳᠡᠭ᠌ ᠯᠧᠸᠢᠴᠦᠳ ᠢ ᠲᠩᠷᠢ ᠶᠢᠨ ᠣᠳᠣ ᠮᠡᠲᠦ ᠲᠣᠭᠠᠯᠠᠰᠢ ᠦᠭᠡᠢ᠂ ᠲᠠᠩᠭᠢᠰ ᠤᠨ ᠡᠯᠡᠰᠦ ᠮᠡᠲᠦ ᠬᠡᠮᠵᠢᠶᠡᠯᠡᠰᠢ ᠦᠭᠡᠢ ᠪᠣᠯᠭᠠᠨ᠎ᠠ᠃〉》

23 ᠶᠣᠬᠣᠸᠠ ᠶᠢᠨ ᠦᠭᠡ ᠶᠧᠷᠧᠮᠢᠶ᠎ᠠ ᠳᠤ ᠢᠷᠡᠵᠦ᠄ 24 《ᠡᠨᠡ ᠠᠷᠠᠳ ᠲᠦᠮᠡᠨ᠄ 〈ᠶᠣᠬᠣᠸᠠ ᠥᠪᠡᠷ ᠦᠨ ᠰᠣᠩ᠋ᠭᠣᠭᠰᠠᠨ ᠬᠣᠶᠠᠷ ᠪᠦᠯᠢ ᠶᠢ ᠭᠣᠯᠣᠵᠠᠢ〉 ᠭᠡᠯᠴᠡᠵᠦ ᠪᠤᠢ ᠶᠢ ᠴᠢ ᠠᠩᠵᠠᠭᠠᠷᠠᠪᠠ ᠤᠤ︖ ᠲᠡᠳᠡ ᠢᠩᠭᠢᠵᠦ ᠮᠢᠨᠦ ᠠᠷᠠᠳ ᠲᠦᠮᠡᠨ ᠪᠣᠯᠣᠭᠰᠠᠨ ᠢᠶᠠᠨ ᠦᠯᠦ ᠲᠣᠭᠣᠮᠰᠠᠷᠯᠠᠵᠤ᠂ ᠥᠪᠡᠷᠰᠡᠳ ᠢ ᠪᠠᠨ ᠦᠨᠳᠦᠰᠦᠲᠡᠨ ᠳᠦ ᠲᠣᠭᠠᠴᠠᠬᠤ ᠦᠭᠡᠢ ᠪᠠᠢᠨ᠎ᠠ᠃ 25 ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠡᠳᠦᠷ ᠪᠣᠯᠣᠨ ᠰᠥᠨᠢ ᠲᠠᠢ ᠪᠠᠢᠭᠤᠯᠤᠭᠰᠠᠨ ᠭᠡᠷ᠎ᠡ ᠪᠡᠨ᠂ ᠲᠩᠷᠢ᠂ ᠭᠠᠵᠠᠷ ᠤᠨ ᠲᠠᠯ᠎ᠠ ᠪᠠᠷ ᠲᠣᠭᠲᠠᠭᠠᠭᠰᠠᠨ ᠬᠠᠤᠯᠢ ᠪᠠᠨ ᠥᠭᠡᠷᠡᠴᠢᠯᠡᠪᠡᠯ᠂ 26 ᠶᠠᠺᠣᠪ ᠪᠣᠯᠣᠨ ᠵᠠᠷᠤᠴᠠ ᠳ᠋ᠠᠸᠢᠳ᠋ ᠤᠨ ᠢᠶᠠᠨ ᠦᠷ᠎ᠡ ᠤᠳᠤᠮ ᠢ ᠭᠣᠯᠣᠵᠤ᠂ ᠦᠷ᠎ᠡ ᠤᠳᠤᠮ ᠠᠴᠠ ᠨᠢ ᠠᠪᠷᠠᠬᠠᠮ᠂ ᠢᠰᠠᠺ ᠪᠣᠯᠣᠨ ᠶᠠᠺᠣᠪ ᠤᠨ ᠦᠷ᠎ᠡ ᠤᠳᠤᠮ ᠢ ᠵᠠᠬᠢᠷᠬᠤ ᠨᠢᠭᠡᠨ ᠢ ᠰᠣᠩ᠋ᠭᠣᠬᠤ ᠪᠠᠨ ᠪᠣᠯᠢᠨ᠎ᠠ᠃ ᠦᠨᠡᠬᠡᠷ ᠪᠢ ᠲᠡᠳᠡᠨ ᠢ ᠴᠥᠯᠡᠯᠭᠡ ᠡᠴᠡ ᠪᠤᠴᠠᠭᠠᠵᠤ᠂ ᠲᠡᠳᠡᠨ ᠳᠦ ᠥᠷᠥᠰᠢᠶᠡᠯ ᠦᠵᠡᠭᠦᠯᠦᠨ᠎ᠡ〉》 ᠭᠡᠵᠡᠢ᠃