1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠳᠥᠴᠢᠨ ᠨᠢᠭᠡ

1 ᠳᠣᠯᠣᠳᠤᠭᠠᠷ ᠰᠠᠷ᠎ᠠ ᠳᠤ᠂ ᠬᠠᠭᠠᠨ ᠤ ᠤᠭᠰᠠᠭ᠎ᠠ᠂ ᠬᠠᠭᠠᠨ ᠤ ᠳᠡᠭᠡᠳᠦ ᠲᠦᠰᠢᠮᠡᠯ ᠪᠣᠯᠬᠤ ᠡᠯᠢᠱᠠᠮᠠ ᠶᠢᠨ ᠠᠴᠢ ᠨᠧᠲ᠋ᠠᠨᠢᠶ᠎ᠠ ᠶᠢᠨ ᠬᠦᠦ ᠢᠱᠮᠠᠶᠧᠯ ᠠᠷᠪᠠᠨ ᠡᠷ᠎ᠡ ᠳᠠᠭᠠᠭᠤᠯᠤᠨ ᠮᠢᠽᠫᠠ ᠤᠷᠤᠭᠤ ᠠᠾᠢᠺᠠᠮ ᠤᠨ ᠬᠦᠦ ᠭᠧᠳᠠᠯᠢᠶ᠎ᠠ ᠳᠡᠭᠡᠷ᠎ᠡ ᠢᠷᠡᠪᠡ᠃ ᠲᠡᠳᠡ ᠲᠡᠨᠳᠡ ᠬᠠᠮᠲᠤ ᠳᠠᠭᠠᠨ ᠬᠣᠭᠣᠯᠠ ᠢᠳᠡᠵᠦ ᠪᠠᠢᠬᠤ ᠵᠠᠭᠤᠷ᠎ᠠ 2 ᠨᠧᠲ᠋ᠠᠨᠢᠶ᠎ᠠ ᠶᠢᠨ ᠬᠦᠦ ᠢᠱᠮᠠᠶᠧᠯ ᠠᠷᠪᠠᠨ ᠬᠠᠮᠲᠤᠷᠠᠭᠴᠢ ᠶᠢᠨ ᠢᠶᠠᠨ ᠬᠠᠮᠲᠤ ᠪᠣᠰᠴᠤ᠂ ᠪᠠᠪᠢᠯᠣᠨ ᠤ ᠬᠠᠭᠠᠨ ᠤ ᠲᠡᠷᠡ ᠨᠤᠲᠤᠭ ᠢ ᠵᠠᠬᠢᠷᠤᠭᠤᠯᠬᠤ ᠪᠠᠷ ᠲᠣᠮᠢᠯᠠᠭᠰᠠᠨ ᠱᠠᠹᠠᠨ ᠤ ᠠᠴᠢ᠂ ᠠᠾᠢᠺᠠᠮ ᠤᠨ ᠬᠦᠦ ᠭᠧᠳᠠᠯᠢᠶ᠎ᠠ ᠶᠢ ᠢᠯᠳᠦ ᠪᠡᠷ ᠴᠠᠪᠴᠢᠵᠤ ᠠᠯᠠᠪᠠ᠃ 3 ᠢᠱᠮᠠᠶᠧᠯ ᠮᠢᠽᠫᠠ ᠳᠤ ᠪᠠᠢᠭᠰᠠᠨ ᠭᠧᠳᠠᠯᠢᠶ᠎ᠠ ᠶᠢᠨ ᠬᠠᠮᠲᠤᠷᠠᠭᠴᠢ ᠪᠦᠬᠦ ᠶᠦᠳᠠᠢᠴᠤᠳ ᠪᠣᠯᠣᠨ ᠲᠡᠨᠳᠡ ᠪᠠᠢᠭᠰᠠᠨ ᠪᠠᠪᠢᠯᠣᠨ ᠤ ᠳᠠᠢᠴᠢᠳ ᠢ ᠴᠤ ᠴᠣᠬᠢᠪᠠ᠃

4 ᠭᠧᠳᠠᠯᠢᠶ᠎ᠠ ᠶᠢ ᠠᠯᠠᠭᠳᠠᠭᠰᠠᠨ ᠤ ᠳᠠᠷᠠᠭ᠎ᠠ ᠡᠳᠦᠷ᠂ ᠬᠡᠨ ᠴᠤ ᠡᠨᠡ ᠲᠠᠯ᠎ᠠ ᠪᠠᠷ ᠮᠡᠳᠡᠭᠡ ᠦᠭᠡᠢ ᠪᠠᠢᠬᠤ ᠳᠤ᠂ 5 ᠰᠠᠬᠠᠯ ᠢᠶᠠᠨ ᠬᠤᠰᠤᠭᠰᠠᠨ᠂ ᠬᠤᠪᠴᠠᠰᠤ ᠪᠠᠨ ᠬᠠᠤ ᠲᠠᠲᠠᠭᠰᠠᠨ᠂ ᠪᠡᠶ᠎ᠡ ᠪᠡᠨ ᠭᠦᠨ ᠵᠦᠰᠦᠭᠰᠡᠨ ᠨᠠᠶᠠᠨ ᠬᠥᠮᠦᠨ ᠱᠧᠬᠧᠮ᠂ ᠱᠢᠯᠣ᠋ ᠪᠣᠯᠣᠨ ᠰᠠᠮᠠᠷᠢᠶ᠎ᠠ ᠠᠴᠠ ᠢᠷᠡᠪᠡ᠃ ᠲᠡᠳᠡ ᠶᠣᠬᠣᠸᠠ ᠶᠢᠨ ᠥᠷᠭᠥᠭᠡᠨ ᠳᠦ ᠠᠪᠠᠴᠢᠬᠤ ᠢᠳᠡᠭᠡᠨ ᠲᠠᠬᠢᠯ ᠪᠠ ᠤᠲᠤᠯᠭ᠎ᠠ ᠶᠢ ᠭᠠᠷ ᠲᠠᠭᠠᠨ ᠪᠠᠷᠢᠭᠰᠠᠨ ᠪᠠᠢᠯ᠎ᠠ᠃ 6 ᠨᠧᠲ᠋ᠠᠨᠢᠶ᠎ᠠ ᠶᠢᠨ ᠬᠦᠦ ᠢᠱᠮᠠᠶᠧᠯ ᠲᠡᠳᠡᠨ ᠢ ᠤᠭᠲᠤᠬᠤ ᠪᠠᠷ ᠮᠢᠽᠫᠠ ᠠᠴᠠ ᠤᠬᠢᠯᠠᠨ ᠭᠠᠷᠴᠤ ᠢᠷᠡᠭᠡᠳ ᠲᠡᠳᠡᠨ ᠲᠡᠢ ᠠᠭᠤᠯᠵᠠᠩ᠋ᠭᠤᠲᠠ ᠪᠠᠨ᠄ 《ᠠᠾᠢᠺᠠᠮ ᠤᠨ ᠬᠦᠦ ᠭᠧᠳᠠᠯᠢᠶ᠎ᠠ ᠤᠷᠤᠭᠤ ᠣᠴᠢᠶ᠎ᠠ》 ᠭᠡᠵᠡᠢ᠃ 7 ᠲᠡᠳᠡ ᠬᠣᠲᠠ ᠶᠢᠨ ᠲᠥᠪ ᠳᠤ ᠣᠷᠣᠮᠠᠭᠴᠠ ᠨᠧᠲ᠋ᠠᠨᠢᠶ᠎ᠠ ᠶᠢᠨ ᠬᠦᠦ ᠢᠱᠮᠠᠶᠧᠯ ᠪᠣᠯᠣᠨ ᠲᠡᠭᠦᠨ ᠦ ᠬᠠᠮᠲᠤᠷᠠᠭᠴᠢᠳ ᠲᠡᠳᠡᠨ ᠢ ᠬᠥᠨᠥᠭᠡᠵᠦ᠂ ᠨᠥᠭᠡᠴᠡᠯᠡᠭᠦᠷ ᠤᠷᠤᠭᠤ ᠬᠠᠶᠠᠪᠠ᠃ 8 ᠬᠠᠷᠢᠨ ᠠᠷᠪᠠᠨ ᠬᠥᠮᠦᠨ ᠨᠢ ᠢᠱᠮᠠᠶᠧᠯ ᠳᠤ᠄ 《ᠪᠢᠳᠡᠨ ᠢ ᠪᠦᠦ ᠠᠯᠠᠭᠠᠴᠢ᠃ ᠪᠢᠳᠡ ᠲᠠᠯᠠᠪᠠᠢ ᠳᠤ ᠨᠢᠭᠤᠭᠰᠠᠨ ᠤᠯᠠᠭᠠᠨ ᠪᠤᠭᠤᠳᠠᠢ᠂ ᠠᠷᠪᠠᠢ᠂ ᠲᠣᠰᠣ ᠪᠣᠯᠣᠨ ᠵᠥᠭᠡᠢ ᠶᠢᠨ ᠪᠠᠯ ᠢᠶᠠᠨ ᠲᠠᠨ ᠳᠤ ᠥᠭᠭᠥᠶ᠎ᠡ》 ᠭᠡᠵᠡᠭᠡᠬᠦ ᠳᠦ᠂ ᠲᠡᠷᠡ ᠵᠥᠪᠰᠢᠶᠡᠷᠡᠵᠦ᠂ ᠨᠥᠬᠥᠳ ᠢ ᠨᠢ ᠠᠯᠠᠭᠰᠠᠨ ᠰᠢᠭ᠋ ᠢᠶᠠᠨ ᠲᠡᠳᠡᠨ ᠢ ᠠᠯᠠᠭ᠎ᠠ ᠦᠭᠡᠢ᠃

9 ᠲᠡᠢᠨ ᠬᠦ ᠢᠱᠮᠠᠶᠧᠯ ᠭᠧᠳᠠᠯᠢᠶ᠎ᠠ ᠶᠢᠨ ᠤᠴᠢᠷ ᠢᠶᠠᠷ ᠬᠥᠮᠦᠰ ᠢ ᠠᠯᠠᠭᠠᠳ ᠬᠡᠭᠦᠷ ᠢ ᠨᠢ ᠨᠥᠭᠡᠴᠡᠯᠡᠭᠦᠷ ᠲᠦ ᠬᠠᠶᠠᠵᠠᠢ᠃ ᠤᠤᠯ ᠨᠢ ᠲᠡᠷᠡ ᠨᠥᠭᠡᠴᠡᠯᠡᠭᠦᠷ ᠢ ᠠᠰᠠ ᠬᠠᠭᠠᠨ ᠪᠡᠷ ᠢᠰᠷᠧᠯ ᠤᠨ ᠬᠠᠭᠠᠨ ᠪᠠᠱᠠ ᠶᠢᠨ ᠤᠯᠠᠮ ᠢᠶᠠᠷ ᠬᠢᠭᠰᠡᠨ ᠪᠣᠯ᠂ ᠨᠧᠲ᠋ᠠᠨᠢᠶ᠎ᠠ ᠶᠢᠨ ᠬᠦᠦ ᠢᠱᠮᠠᠶᠧᠯ ᠲᠡᠭᠦᠨ ᠢ ᠠᠯᠠᠭᠳᠠᠭᠰᠠᠨ ᠬᠥᠮᠦᠰ ᠢᠶᠡᠷ ᠳᠦᠭᠦᠷᠭᠡᠵᠡᠢ᠃ 10 ᠢᠱᠮᠠᠶᠧᠯ ᠮᠢᠽᠫᠠ ᠳᠤ ᠪᠠᠢᠭᠰᠠᠨ ᠬᠠᠭᠠᠨ ᠤ ᠥᠬᠢᠳ ᠪᠣᠯᠣᠨ ᠠᠷᠠᠳ ᠲᠦᠮᠡᠨ ᠦ ᠦᠯᠡᠳᠡᠭᠰᠡᠳ ᠢ ᠪᠦᠭᠦᠳᠡ ᠶᠢ ᠨᠢ ᠣᠯᠵᠠᠯᠠᠪᠠ᠃ ᠤᠤᠯ ᠨᠢ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠮᠢᠽᠫᠠ ᠳᠤ ᠦᠯᠡᠳᠡᠭᠰᠡᠨ ᠡᠨᠡ ᠪᠦᠬᠦ ᠠᠷᠠᠳ ᠣᠯᠠᠨ ᠢ ᠠᠾᠢᠺᠠᠮ ᠤᠨ ᠬᠦᠦ ᠭᠧᠳᠠᠯᠢᠶ᠎ᠠ ᠳᠤ ᠬᠠᠷᠢᠭᠤᠴᠠᠭᠤᠯᠤᠭᠰᠠᠨ ᠪᠠᠢᠯ᠎ᠠ᠃ ᠨᠧᠲ᠋ᠠᠨᠢᠶ᠎ᠠ ᠶᠢᠨ ᠬᠦᠦ ᠢᠱᠮᠠᠶᠧᠯ ᠲᠡᠳᠡᠨ ᠢ ᠣᠯᠵᠠᠯᠠᠨ ᠠᠪᠤᠭᠠᠳ ᠠᠮᠣᠨᠴᠤᠳ ᠤᠨ ᠨᠤᠲᠤᠭ ᠤᠷᠤᠭᠤ ᠬᠥᠳᠡᠯᠪᠡ᠃

11 ᠲᠡᠭᠡᠬᠦ ᠳᠦ ᠺᠠᠷᠧᠶ᠎ᠠ ᠶᠢᠨ ᠬᠦᠦ ᠶᠣᠬᠠᠨᠠᠨ ᠪᠣᠯᠣᠨ ᠲᠡᠭᠦᠨ ᠦ ᠬᠠᠮᠲᠤᠷᠠᠭᠴᠢ ᠴᠡᠷᠢᠭ ᠤᠨ ᠪᠦᠬᠦ ᠠᠬᠠᠮᠠᠳ ᠨᠧᠲ᠋ᠠᠨᠢᠶ᠎ᠠ ᠶᠢᠨ ᠬᠦᠦ ᠢᠱᠮᠠᠶᠧᠯ ᠤᠨ ᠦᠢᠯᠡᠳᠦᠭᠰᠡᠨ ᠪᠦᠬᠦ ᠬᠣᠷᠣᠨ ᠮᠠᠭᠤ ᠶᠠᠪᠤᠳᠠᠯ ᠤᠨ ᠲᠤᠬᠠᠢ ᠰᠣᠨᠣᠰᠣᠭᠠᠳ 12 ᠨᠧᠲ᠋ᠠᠨᠢᠶ᠎ᠠ ᠶᠢᠨ ᠬᠦᠦ ᠢᠱᠮᠠᠶᠧᠯ ᠲᠠᠢ ᠲᠤᠯᠤᠯᠳᠤᠬᠤ ᠪᠠᠷ ᠪᠦᠬᠦ ᠬᠠᠷᠢᠶ᠎ᠠ ᠬᠥᠮᠦᠨ ᠢᠶᠡᠨ ᠳᠠᠢᠴᠢᠯᠠᠨ ᠭᠠᠷᠴᠤ ᠲᠡᠭᠦᠨ ᠢ ᠭᠢᠪᠧᠶᠣᠨ ᠳᠠᠬᠢ ᠲᠣᠮᠣ ᠴᠥᠭᠥᠷᠥᠮ ᠦᠨ ᠳᠡᠷᠭᠡᠳᠡ ᠡᠴᠡ ᠣᠯᠪᠠ᠃ 13 ᠢᠱᠮᠠᠶᠧᠯ ᠤᠨ ᠳᠡᠷᠭᠡᠳᠡ ᠪᠠᠢᠭᠰᠠᠨ ᠠᠷᠠᠳ ᠣᠯᠠᠨ ᠴᠥᠮ ᠢᠶᠡᠷ ᠢᠶᠠᠨ ᠺᠠᠷᠧᠶ᠎ᠠ ᠶᠢᠨ ᠬᠦᠦ ᠶᠣᠬᠠᠨᠠᠨ ᠪᠣᠯᠣᠨ ᠲᠡᠭᠦᠨ ᠦ ᠬᠠᠮᠲᠤᠷᠠᠭᠴᠢ ᠴᠡᠷᠢᠭ ᠤᠨ ᠠᠬᠠᠮᠠᠳ ᠤᠳ ᠢ ᠬᠠᠷᠠᠭᠠᠳ ᠪᠠᠶᠠᠷᠯᠠᠵᠠᠭᠠᠪᠠ᠃ 14 ᠮᠢᠽᠫᠠ ᠠᠴᠠ ᠢᠱᠮᠠᠶᠧᠯ ᠤᠨ ᠣᠯᠵᠠᠯᠠᠨ ᠠᠪᠤᠭᠰᠠᠨ ᠬᠥᠮᠦᠰ ᠪᠦᠭᠦᠳᠡᠭᠡᠷ ᠢᠶᠡᠨ ᠡᠷᠭᠢᠵᠦ᠂ ᠺᠠᠷᠧᠶ᠎ᠠ ᠶᠢᠨ ᠬᠦᠦ ᠶᠣᠬᠠᠨᠠᠨ ᠤᠷᠤᠭᠤ ᠣᠴᠢᠬᠤ ᠳᠤ᠂ 15 ᠨᠧᠲ᠋ᠠᠨᠢᠶ᠎ᠠ ᠶᠢᠨ ᠬᠦᠦ ᠢᠱᠮᠠᠶᠧᠯ ᠥᠪᠡᠷ ᠦᠨ ᠬᠠᠷᠢᠶ᠎ᠠ ᠨᠠᠢ᠌ᠮᠠᠨ ᠬᠥᠮᠦᠨ ᠲᠡᠢ ᠬᠠᠮᠲᠤ ᠶᠣᠬᠠᠨᠠᠨ ᠠᠴᠠ ᠵᠢᠭᠤᠲᠠᠵᠤ᠂ ᠠᠮᠣᠨᠴᠤᠳ ᠤᠷᠤᠭᠤ ᠣᠳᠪᠠ᠃
 ᠶᠧᠵᠢᠫᠲ ᠤᠷᠤᠭᠤ ᠵᠢᠭᠤᠲᠠᠪᠠ

16 ᠲᠡᠢᠨ ᠬᠦ ᠺᠠᠷᠧᠶ᠎ᠠ ᠶᠢᠨ ᠬᠦᠦ ᠶᠣᠬᠠᠨᠠᠨ ᠪᠣᠯᠣᠨ ᠲᠡᠭᠦᠨ ᠦ ᠬᠠᠮᠲᠤᠷᠠᠭᠴᠢ ᠴᠡᠷᠢᠭ ᠤᠨ ᠪᠦᠬᠦ ᠠᠬᠠᠮᠠᠳ ᠨᠧᠲ᠋ᠠᠨᠢᠶ᠎ᠠ ᠶᠢᠨ ᠬᠦᠦ ᠢᠱᠮᠠᠶᠧᠯ ᠤᠨ ᠠᠾᠢᠺᠠᠮ ᠤᠨ ᠬᠦᠦ ᠭᠧᠳᠠᠯᠢᠶ᠎ᠠ ᠶᠢ ᠴᠣᠬᠢᠭᠰᠠᠨ ᠤ ᠳᠠᠷᠠᠭ᠎ᠠ᠂ ᠮᠢᠽᠫᠠ ᠠᠴᠠ ᠠᠪᠠᠴᠢᠵᠤ ᠪᠠᠢᠭᠰᠠᠨ ᠳᠠᠢᠴᠢᠳ᠂ ᠡᠮᠡᠭᠲᠡᠢᠴᠦᠳ᠂ ᠬᠡᠦᠬᠡᠳ ᠤᠳ᠂ ᠣᠷᠳᠣᠨ ᠤ ᠲᠦᠰᠢᠮᠡᠳ ᠵᠡᠷᠭᠡ ᠠᠮᠢᠳᠤ ᠦᠯᠡᠳᠡᠭᠰᠡᠨ ᠠᠷᠠᠳ ᠣᠯᠠᠨ ᠢ ᠪᠦᠭᠦᠳᠡ ᠶᠢ ᠨᠢ ᠭᠢᠪᠧᠶᠣᠨ ᠠᠴᠠ ᠪᠤᠴᠠᠭᠠᠨ᠂ ᠲᠡᠳᠡᠨ ᠢ ᠳᠠᠭᠠᠭᠤᠯᠤᠨ ᠶᠠᠪᠤᠵᠤ᠂ 17 ᠶᠧᠵᠢᠫᠲ ᠲᠤ ᠣᠷᠣᠬᠤ ᠭᠡᠵᠦ ᠪᠧᠲ᠋ᠯᠧᠾᠧᠮ ᠤᠨ ᠳᠡᠷᠭᠡᠳᠡᠬᠢ ᠭᠧᠷᠦ᠋ᠲ ᠺᠢᠮᠬᠠᠮ ᠳᠤ ᠪᠠᠭᠤᠳᠠᠯᠯᠠᠪᠠ᠃ 18 ᠲᠡᠢᠨ ᠬᠦ ᠲᠡᠳᠡ ᠪᠠᠪᠢᠯᠣᠨᠴᠤᠳ ᠠᠴᠠ ᠠᠶᠤᠵᠤ ᠵᠢᠭᠤᠲᠠᠬᠤ ᠭᠡᠵᠦ ᠪᠠᠢᠯ᠎ᠠ᠃ ᠤᠴᠢᠷ ᠨᠢ ᠨᠧᠲ᠋ᠠᠨᠢᠶ᠎ᠠ ᠶᠢᠨ ᠬᠦᠦ ᠢᠱᠮᠠᠶᠧᠯ ᠪᠠᠪᠢᠯᠣᠨ ᠤ ᠬᠠᠭᠠᠨ ᠤ ᠲᠡᠷᠡ ᠨᠤᠲᠤᠭ ᠤᠨ ᠵᠠᠬᠢᠷᠤᠭᠴᠢ ᠪᠠᠷ ᠲᠣᠮᠢᠯᠠᠭᠰᠠᠨ ᠠᠾᠢᠺᠠᠮ ᠤᠨ ᠬᠦᠦ ᠭᠧᠳᠠᠯᠢᠶ᠎ᠠ ᠶᠢ ᠴᠣᠬᠢᠭᠰᠠᠨ ᠠᠵᠢ᠃