1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠭᠤᠴᠢ ᠶᠢᠰᠦ
 ᠶᠧᠷᠦ᠋ᠰᠠᠯᠧᠮ ᠤᠨ ᠨᠤᠷᠠᠯᠲᠠ

1 ᠶᠦᠳᠠ ᠶᠢᠨ ᠬᠠᠭᠠᠨ ᠽᠧᠳᠧᠺᠢᠶ᠎ᠠ ᠶᠢᠨ ᠶᠢᠰᠦᠳᠦᠭᠡᠷ ᠣᠨ ᠤ ᠠᠷᠪᠠᠳᠤᠭᠠᠷ ᠰᠠᠷ᠎ᠠ ᠳᠤ᠂ ᠪᠠᠪᠢᠯᠣᠨ ᠤ ᠬᠠᠭᠠᠨ ᠨᠧᠪᠦ᠋ᠺᠠᠨᠧᠽᠠᠷ ᠪᠣᠯᠣᠨ ᠲᠡᠭᠦᠨ ᠦ ᠪᠦᠬᠦ ᠴᠡᠷᠢᠭ ᠶᠧᠷᠦ᠋ᠰᠠᠯᠧᠮ ᠤᠷᠤᠭᠤ ᠢᠷᠡᠵᠦ᠂ ᠪᠦᠰᠡᠯᠡᠪᠡ᠃ 2 ᠽᠧᠳᠧᠺᠢᠶ᠎ᠠ ᠶᠢᠨ ᠠᠷᠪᠠᠨ ᠨᠢᠭᠡᠳᠦᠭᠡᠷ ᠣᠨ ᠤ ᠳᠥᠷᠪᠡᠳᠦᠭᠡᠷ ᠰᠠᠷ᠎ᠠ ᠶᠢᠨ ᠶᠢᠰᠦᠨ ᠦ ᠡᠳᠦᠷ ᠬᠣᠲᠠ ᠶᠢᠨ ᠬᠡᠷᠡᠮ ᠰᠡᠲᠡᠯᠦᠭᠳᠡᠵᠡᠢ᠃ 3 ᠪᠠᠪᠢᠯᠣᠨ ᠤ ᠬᠠᠭᠠᠨ ᠤ ᠪᠦᠬᠦ ᠲᠦᠰᠢᠮᠡᠯ ᠣᠷᠣᠵᠤ ᠢᠷᠡᠭᠡᠳ ᠳᠤᠮᠳᠠ ᠬᠠᠭᠠᠯᠭᠠᠨ ᠤ ᠳᠡᠷᠭᠡᠳᠡ ᠰᠠᠭᠤᠵᠠᠭᠠᠪᠠ᠃ ᠰᠠᠮᠭᠠᠷ ᠤᠨ ᠨᠧᠷᠭᠠᠯᠱᠠᠷᠧᠽᠧᠷ᠂ ᠲᠡᠷᠢᠭᠦᠨ ᠲᠦᠰᠢᠮᠡᠯ ᠨᠧᠪᠣᠰᠠᠷᠰᠧᠬᠢᠮ᠂ ᠳᠡᠭᠡᠳᠦ ᠲᠦᠰᠢᠮᠡᠯ ᠨᠧᠷᠭᠠᠯᠱᠠᠷᠧᠽᠧᠷ ᠪᠣᠯᠣᠨ ᠪᠠᠪᠢᠯᠣᠨ ᠤ ᠬᠠᠭᠠᠨ ᠤ ᠪᠤᠰᠤᠳ ᠲᠦᠰᠢᠮᠡᠳ ᠪᠦᠭᠦᠳᠡ ᠲᠡᠨᠳᠡ ᠪᠠᠢᠵᠠᠢ᠃ 4 ᠶᠦᠳᠠ ᠶᠢᠨ ᠬᠠᠭᠠᠨ ᠽᠧᠳᠧᠺᠢᠶ᠎ᠠ ᠪᠣᠯᠣᠨ ᠪᠦᠬᠦ ᠳᠠᠢᠴᠢᠨ ᠲᠡᠳᠡᠨ ᠢ ᠬᠠᠷᠠᠭᠠᠳ ᠵᠢᠭᠤᠲᠠᠪᠠ᠃ ᠲᠡᠳᠡ ᠬᠠᠭᠠᠨ ᠤ ᠴᠡᠴᠡᠷᠯᠢᠭ ᠤᠨ ᠵᠠᠮ ᠢᠶᠠᠷ᠂ ᠬᠣᠶᠠᠷ ᠬᠡᠷᠡᠮ ᠦᠨ ᠬᠣᠭᠣᠷᠣᠨᠳᠣᠬᠢ ᠬᠠᠭᠠᠯᠭ᠎ᠠ ᠪᠠᠷ ᠥᠩᠭᠡᠷᠡᠨ ᠬᠣᠲᠠ ᠠᠴᠠ ᠰᠥᠨᠢ ᠪᠠᠷ ᠭᠠᠷᠴᠤ᠂ ᠠᠷᠠᠪᠠ ᠶᠢᠨ ᠵᠦᠭ ᠶᠠᠪᠤᠪᠠ᠃ 5 ᠭᠡᠪᠡᠴᠦ ᠪᠠᠪᠢᠯᠣᠨ ᠤ ᠴᠡᠷᠢᠭ ᠲᠡᠳᠡᠨ ᠢ ᠨᠡᠬᠡᠵᠦ᠂ ᠽᠧᠳᠧᠺᠢᠶ᠎ᠠ ᠶᠢ ᠶᠧᠷᠢᠺᠣ ᠶᠢᠨ ᠲᠠᠯ᠎ᠠ ᠳᠤ ᠭᠦᠢᠴᠡᠭᠡᠳ ᠬᠠᠮᠠᠲ ᠤᠨ ᠨᠤᠲᠤᠭ ᠳᠠᠬᠢ ᠷᠢᠪᠯᠠ ᠳᠤ ᠪᠤᠢ ᠪᠠᠪᠢᠯᠣᠨ ᠤ ᠬᠠᠭᠠᠨ ᠨᠧᠪᠦ᠋ᠺᠠᠨᠧᠽᠠᠷ ᠥᠭᠡᠳᠡ ᠬᠦᠷᠭᠡᠬᠦ ᠳᠦ᠂ ᠬᠠᠭᠠᠨ ᠲᠡᠭᠦᠨ ᠳᠦ ᠶᠠᠯ᠎ᠠ ᠣᠨᠣᠭᠠᠪᠠ᠃ 6 ᠪᠠᠪᠢᠯᠣᠨ ᠤ ᠬᠠᠭᠠᠨ ᠷᠢᠪᠯᠠ ᠳᠤ ᠽᠧᠳᠧᠺᠢᠶ᠎ᠠ ᠶᠢᠨ ᠨᠢᠳᠦᠨ ᠳᠡᠭᠡᠷ᠎ᠡ ᠬᠥᠪᠡᠭᠦᠳ ᠢ ᠨᠢ ᠴᠠᠭᠠᠵᠠᠯᠠᠵᠤ᠂ ᠪᠠᠰᠠ ᠶᠦᠳᠠ ᠶᠢᠨ ᠪᠦᠬᠦ ᠨᠣᠶᠠᠨ ᠢ ᠴᠠᠭᠠᠵᠠᠯᠠᠭᠰᠠᠨ ᠤ ᠳᠠᠷᠠᠭ᠎ᠠ᠂ 7 ᠽᠧᠳᠧᠺᠢᠶ᠎ᠠ ᠶᠢᠨ ᠨᠢᠳᠦ ᠶᠢ ᠰᠣᠬᠣᠯᠤᠭᠠᠳ᠂ ᠲᠡᠭᠦᠨ ᠢ ᠪᠠᠪᠢᠯᠣᠨ ᠳᠤ ᠠᠪᠠᠴᠢᠬᠤ ᠪᠠᠷ ᠬᠦᠷᠡᠯ ᠳᠥᠩᠭᠡ ᠪᠡᠷ ᠳᠥᠩᠭᠡᠯᠡᠪᠡ᠃ 8 ᠪᠠᠪᠢᠯᠣᠨᠴᠤᠳ ᠬᠠᠭᠠᠨ ᠤ ᠣᠷᠳᠣᠨ ᠪᠣᠯᠣᠨ ᠠᠷᠠᠳ ᠤᠨ ᠭᠡᠷ ᠤᠳ ᠢ ᠭᠠᠯᠳᠠᠨ ᠰᠢᠲᠠᠭᠠᠵᠤ᠂ ᠶᠧᠷᠦ᠋ᠰᠠᠯᠧᠮ ᠤᠨ ᠬᠡᠷᠡᠮ ᠢ ᠨᠤᠷᠠᠭᠠᠪᠠ᠃ 9 ᠬᠠᠭᠠᠨ ᠤ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠬᠣᠲᠠ ᠳᠤ ᠦᠯᠡᠳᠡᠭᠰᠡᠨ ᠠᠷᠠᠳ ᠣᠯᠠᠨ᠂ ᠥᠪᠡᠷ ᠤᠷᠤᠭᠤ ᠨᠢ ᠢᠷᠡᠭᠰᠡᠨ ᠣᠷᠭᠣᠳᠤᠤᠯ ᠤᠳ ᠪᠣᠯᠣᠨ ᠪᠤᠰᠤᠳ ᠬᠥᠮᠦᠰ ᠢ ᠪᠠᠪᠢᠯᠣᠨ ᠤᠷᠤᠭᠤ ᠴᠥᠯᠡᠪᠡ᠃ 10 ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠦᠭᠡᠭᠦᠦ ᠶᠠᠳᠠᠭᠤ ᠬᠥᠮᠦᠰ ᠢ ᠨᠢ ᠶᠦᠳᠠ ᠶᠢᠨ ᠨᠤᠲᠤᠭ ᠲᠤ ᠦᠯᠡᠳᠡᠭᠡᠵᠦ᠂ ᠶᠠᠭ ᠲᠡᠷᠡ ᠦᠶ᠎ᠡ ᠳᠦ ᠲᠡᠳᠡᠨ ᠳᠦ ᠦᠵᠦᠮ ᠦᠨ ᠲᠠᠯᠠᠪᠠᠢ ᠪᠣᠯᠣᠨ ᠲᠠᠷᠢᠶᠠᠨ ᠲᠠᠯᠠᠪᠠᠢ ᠨᠤᠭᠤᠳ ᠢ ᠥᠭᠭᠥᠭᠰᠡᠨ ᠪᠠᠢᠨ᠎ᠠ᠃

11 ᠪᠠᠪᠢᠯᠣᠨ ᠤ ᠬᠠᠭᠠᠨ ᠨᠧᠪᠦ᠋ᠺᠠᠨᠧᠽᠠᠷ ᠶᠧᠷᠧᠮᠢᠶ᠎ᠠ ᠶᠢᠨ ᠲᠠᠯ᠎ᠠ ᠪᠠᠷ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠳᠤ ᠵᠠᠬᠢᠨ᠄ 12 《ᠲᠡᠭᠦᠨ ᠢ ᠬᠦᠯᠢᠶᠡᠨ ᠠᠪᠴᠤ ᠬᠠᠯᠠᠮᠵᠢᠯᠠᠨ᠂ ᠶᠠᠮᠠᠷ ᠴᠤ ᠬᠣᠣᠷ ᠪᠦᠦ ᠤᠴᠠᠷᠠᠭᠤᠯ᠃ ᠬᠠᠷᠢᠨ ᠲᠡᠭᠦᠨ ᠦ ᠴᠢᠮ᠎ᠠ ᠳᠤ ᠬᠡᠯᠡᠭᠰᠡᠨ ᠦ ᠳᠠᠭᠠᠤ ᠲᠡᠭᠦᠨ ᠲᠡᠢ ᠬᠠᠷᠢᠴᠠ》 ᠭᠡᠵᠦ ᠬᠡᠯᠡᠭᠰᠡᠨ ᠪᠠᠢᠯ᠎ᠠ᠃ 13 ᠡᠢᠮᠦ ᠳᠦ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ᠂ ᠲᠡᠷᠢᠭᠦᠨ ᠲᠦᠰᠢᠮᠡᠯ ᠨᠧᠪᠦ᠋ᠱᠠᠽᠪᠠᠨ᠂ ᠳᠡᠭᠡᠳᠦ ᠲᠦᠰᠢᠮᠡᠯ ᠨᠧᠷᠭᠠᠯ ᠱᠠᠷᠧᠽᠧᠷ ᠪᠣᠯᠣᠨ ᠪᠠᠪᠢᠯᠣᠨ ᠤ ᠬᠠᠭᠠᠨ ᠤ ᠪᠤᠰᠤᠳ ᠲᠦᠰᠢᠮᠡᠳ ᠬᠠᠮᠲᠤ ᠪᠠᠷ 14 ᠬᠥᠮᠦᠨ ᠶᠠᠪᠤᠭᠤᠯᠵᠤ᠂ ᠬᠠᠷᠠᠭᠤᠯ ᠤᠨ ᠬᠦᠷᠢᠶᠡᠨ ᠡᠴᠡ ᠶᠧᠷᠧᠮᠢᠶ᠎ᠠ ᠶᠢ ᠭᠠᠷᠭᠠᠨ ᠠᠪᠴᠤ᠂ ᠲᠡᠭᠦᠨ ᠢ ᠱᠠᠹᠠᠨ ᠤ ᠠᠴᠢ᠂ ᠠᠾᠢᠺᠠᠮ ᠤᠨ ᠬᠦᠦ ᠭᠧᠳᠠᠯᠢᠶ᠎ᠠ ᠳᠤ ᠲᠤᠰᠢᠶᠠᠬᠤ ᠪᠠᠷ ᠭᠡᠷ ᠲᠤᠨᠢ ᠬᠦᠷᠭᠡᠭᠦᠯᠪᠡ᠃ ᠢᠩᠭᠢᠭᠡᠳ ᠶᠧᠷᠧᠮᠢᠶ᠎ᠠ ᠠᠷᠠᠳ ᠲᠦᠮᠡᠨ ᠦ ᠳᠤᠮᠳᠠ ᠦᠯᠡᠳᠡᠵᠡᠢ᠃

15 ᠶᠧᠷᠧᠮᠢᠶ᠎ᠠ ᠬᠠᠷᠠᠭᠤᠯ ᠤᠨ ᠬᠦᠷᠢᠶᠡᠨ ᠳᠦ ᠬᠣᠷᠢᠭᠳᠠᠵᠤ ᠪᠠᠢᠬᠤ ᠳᠤ᠂ ᠶᠣᠬᠣᠸᠠ ᠶᠢᠨ ᠦᠭᠡ ᠲᠡᠭᠦᠨ ᠳᠦ ᠢᠷᠡᠪᠡ᠄ 16 《ᠴᠢ ᠺᠦᠱ ᠬᠥᠮᠦᠨ ᠡᠪᠧᠳ᠋ᠮᠧᠯᠧᠺ ᠳᠡᠭᠡᠷ᠎ᠡ ᠣᠴᠢᠵᠤ᠂ ᠲᠡᠭᠦᠨ ᠳᠦ ᠬᠡᠯᠡᠭᠲᠦᠨ᠄ 〈ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠂ ᠬᠠᠷᠠ᠂ ᠪᠢ ᠡᠨᠡ ᠬᠣᠲᠠ ᠶᠢᠨ ᠲᠤᠬᠠᠢ ᠬᠡᠯᠡᠭᠰᠡᠨ ᠦᠭᠡᠰ ᠢᠶᠡᠨ ᠪᠡᠶᠡᠯᠡᠭᠦᠯᠵᠦ᠂ ᠲᠡᠭᠦᠨ ᠳᠡᠭᠡᠷ᠎ᠡ ᠰᠠᠢᠨ ᠰᠠᠢᠬᠠᠨ ᠢ ᠪᠤᠰᠤ᠂ ᠭᠠᠢ ᠭᠠᠮᠰᠢᠭ ᠢ ᠪᠠᠭᠤᠯᠭᠠᠬᠤ ᠭᠡᠵᠦ ᠪᠠᠢᠨ᠎ᠠ᠃ ᠲᠡᠷᠡ ᠡᠳᠦᠷ ᠮᠢᠨᠦ ᠦᠭᠡᠰ ᠴᠢᠨᠦ ᠡᠮᠦᠨ᠎ᠡ ᠪᠡᠶᠡᠯᠡᠭᠳᠡᠨ᠎ᠡ᠂ 17 ᠬᠠᠷᠢᠨ ᠲᠡᠷᠡ ᠡᠳᠦᠷ ᠪᠢ ᠴᠢᠮᠠᠶᠢ ᠭᠡᠲᠦᠯᠭᠡᠨ᠎ᠡ᠂〉 ᠶᠣᠬᠣᠸᠠ ᠠᠢᠯᠠᠳᠴᠤ ᠪᠠᠢᠨ᠎ᠠ᠃ 〈ᠴᠢ ᠠᠶᠤᠳᠠᠭ ᠬᠥᠮᠦᠰ ᠦᠨ ᠢᠶᠠᠨ ᠭᠠᠷ ᠲᠤ ᠣᠷᠣᠬᠤ ᠦᠭᠡᠢ᠃ 18 ᠪᠢ ᠴᠢᠮᠠᠶᠢ ᠵᠠᠪᠠᠯ ᠠᠪᠤᠷᠠᠨ᠎ᠠ᠂ ᠴᠢ ᠢᠯᠳᠦᠨ ᠳᠦ ᠤᠨᠠᠬᠤ ᠦᠭᠡᠢ᠃ ᠬᠠᠷᠢᠨ ᠠᠮᠢ ᠪᠠᠨ ᠣᠯᠵᠠ ᠮᠡᠲᠦ ᠣᠯᠣᠨ᠎ᠠ᠃ ᠤᠴᠢᠷ ᠨᠢ ᠴᠢ ᠨᠠᠳᠠ ᠳᠤ ᠢᠲᠡᠭᠡᠭᠰᠡᠨ ᠪᠢᠯᠡ᠃ ᠶᠣᠬᠣᠸᠠ ᠠᠢᠯᠠᠳᠴᠤ ᠪᠠᠢᠨ᠎ᠠ᠃〉》