ᠶᠧᠷᠧᠮᠢᠶ᠎ᠠ ᠬᠣᠷᠢ
1 ᠶᠧᠷᠧᠮᠢᠶ᠎ᠠ ᠡᠳᠡᠭᠡᠷ ᠢ ᠡᠰᠢ ᠦᠵᠡᠭᠦᠯᠵᠦ ᠪᠠᠢᠭ᠎ᠠ ᠶᠢ ᠢᠮᠧᠷ ᠤᠨ ᠬᠦᠦ᠂ ᠶᠣᠬᠣᠸᠠ ᠶᠢᠨ ᠥᠷᠭᠥᠭᠡᠨ ᠦ ᠲᠡᠷᠢᠭᠦᠨ ᠲᠦᠰᠢᠮᠡᠯ᠂ ᠲᠠᠬᠢᠯᠴᠢ ᠫᠠᠱᠦ᠋ᠷ ᠰᠣᠨᠣᠰᠣᠭᠠᠳ 2 ᠡᠰᠢ ᠦᠵᠡᠭᠦᠯᠦᠭᠴᠢ ᠶᠧᠷᠧᠮᠢᠶ᠎ᠠ ᠶᠢ ᠵᠠᠨᠴᠢᠭᠤᠯᠤᠨ᠂ ᠲᠡᠭᠦᠨ ᠢ ᠶᠣᠬᠣᠸᠠ ᠶᠢᠨ ᠥᠷᠭᠥᠭᠡᠨ ᠳᠠᠬᠢ ᠪᠢᠨᠶᠠᠮᠢᠨ ᠤ ᠳᠡᠭᠡᠳᠦ ᠬᠠᠭᠠᠯᠭᠠᠨ ᠳᠤ ᠳᠥᠩᠭᠡᠯᠡᠵᠡᠢ᠃ 3 ᠳᠠᠷᠠᠭ᠎ᠠ ᠡᠳᠦᠷ ᠨᠢ ᠫᠠᠱᠦ᠋ᠷ ᠶᠧᠷᠧᠮᠢᠶ᠎ᠠ ᠶᠢ ᠳᠥᠩᠭᠡᠨ ᠡᠴᠡ ᠰᠤᠯᠠᠯᠠᠬᠤ ᠳᠤ᠂ ᠶᠧᠷᠧᠮᠢᠶ᠎ᠠ ᠲᠡᠭᠦᠨ ᠳᠦ᠄ 《ᠶᠣᠬᠣᠸᠠ ᠴᠢᠮᠠᠶᠢ ᠫᠠᠱᠦ᠋ᠷ 4 ᠭᠡᠬᠦ ᠦᠭᠡᠢ᠂ ᠬᠠᠷᠢᠨ ᠮᠠᠭᠣᠷ ᠮᠢᠰᠰᠠᠪᠢᠪ 5 ᠭᠡᠵᠦ ᠨᠡᠷᠡᠯᠡᠯ᠎ᠡ᠃ 4 ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠴᠢᠮ᠎ᠠ ᠠᠴᠠ ᠪᠣᠯᠣᠭᠰᠠᠨ ᠠᠶᠤᠮᠰᠢᠭ ᠢ ᠥᠪᠡᠷ ᠲᠦ ᠴᠢᠨᠢ ᠪᠣᠯᠣᠨ ᠠᠨᠳᠠ ᠨᠥᠬᠥᠳ ᠲᠦ ᠴᠢᠨᠢ ᠠᠪᠴᠢᠷᠠᠵᠤ ᠪᠠᠢᠨ᠎ᠠ᠃ ᠥᠪᠡᠷ ᠦᠨ ᠨᠢᠳᠦ ᠪᠡᠷ ᠬᠠᠷᠠᠵᠤ ᠪᠠᠢᠬᠤ ᠳᠤ ᠴᠢᠨᠢ ᠲᠡᠳᠡ ᠳᠠᠢᠰᠤᠨ ᠨᠤᠭᠤᠳ ᠤᠨ ᠢᠶᠠᠨ ᠢᠯᠳᠦᠨ ᠳᠦ ᠤᠨᠠᠨ᠎ᠠ᠃ ᠪᠢ ᠪᠦᠬᠦ ᠶᠦᠳᠠ ᠶᠢ ᠪᠠᠪᠢᠯᠣᠨ ᠤ ᠬᠠᠭᠠᠨ ᠤ ᠭᠠᠷ ᠲᠤ ᠲᠤᠰᠢᠶᠠᠬᠤ ᠪᠥᠭᠡᠳ ᠲᠡᠷᠡ ᠪᠡᠷ ᠶᠦᠳᠠᠴᠤᠳ ᠢ ᠪᠠᠪᠢᠯᠣᠨ ᠤᠷᠤᠭᠤ ᠠᠪᠠᠴᠢᠵᠤ᠂ ᠢᠯᠳᠦ ᠪᠡᠷ ᠴᠣᠬᠢᠨ᠎ᠠ᠃ 5 ᠪᠢ ᠡᠨᠡ ᠬᠣᠲᠠ ᠶᠢᠨ ᠪᠦᠬᠦ ᠡᠳ᠋ ᠪᠠᠶᠠᠯᠢᠭ ᠪᠣᠯᠣᠨ ᠡᠳ᠋ ᠪᠠᠷᠠᠭ᠎ᠠ ᠶᠢ᠂ ᠪᠦᠬᠦ ᠦᠨᠡᠲᠦ ᠵᠦᠢᠯ ᠬᠢᠭᠡᠳ ᠶᠦᠳᠠ ᠶᠢᠨ ᠬᠠᠭᠠᠳ ᠤᠨ ᠪᠦᠬᠦ ᠡᠷᠳᠡᠨᠢᠰ ᠲᠠᠢ ᠬᠠᠮᠲᠤ ᠳᠠᠢᠰᠤᠨ ᠨᠤᠭᠤᠳ ᠤᠨ ᠬᠢᠨᠢ ᠭᠠᠷ ᠲᠤ ᠲᠤᠰᠢᠶᠠᠬᠤ ᠪᠥᠭᠡᠳ ᠲᠡᠳᠡᠨ ᠢ ᠲᠣᠨᠣᠭᠤᠯᠵᠤ᠂ ᠪᠠᠪᠢᠯᠣᠨ ᠳᠤ ᠠᠪᠠᠴᠢᠭᠤᠯᠤᠨᠠ᠃ 6 ᠫᠠᠱᠦ᠋ᠷ ᠴᠢ ᠴᠤ ᠭᠡᠷ ᠦᠨ ᠬᠢᠨ ᠲᠠᠢ ᠪᠠᠨ ᠬᠠᠮᠲᠤ ᠣᠯᠵᠠᠯᠠᠭᠳᠠᠵᠤ ᠪᠠᠪᠢᠯᠣᠨ ᠳᠤ ᠣᠴᠢᠬᠤ ᠪᠣᠯᠣᠨ᠎ᠠ᠃ ᠲᠡᠨᠳᠡ ᠴᠢ ᠬᠤᠳᠠᠯ ᠡᠰᠢ ᠦᠵᠡᠭᠦᠯᠦᠯᠭᠡ ᠶᠢ ᠴᠢᠨᠢ ᠰᠣᠨᠣᠰᠣᠭᠰᠠᠨ ᠠᠨᠳᠠ ᠨᠥᠬᠥᠳ ᠲᠡᠢ ᠪᠡᠨ ᠬᠠᠮᠲᠤ ᠨᠠᠰᠤ ᠪᠠᠷᠠᠵᠤ᠂ ᠲᠡᠨᠳᠡ ᠪᠤᠯᠠᠰᠢᠯᠠᠭᠳᠠᠨᠠ〉》 ᠭᠡᠪᠡ᠃
ᠶᠧᠷᠧᠮᠢᠶ᠎ᠠ ᠶᠢᠨ ᠭᠣᠮᠣᠳᠠᠯ
7 ᠶᠣᠬᠣᠸᠠ ᠡ᠂ ᠲᠠ ᠨᠠᠮᠠᠶᠢ ᠢᠳᠬᠠᠭᠰᠠᠨ ᠢᠶᠠᠷ ᠪᠢ ᠢᠳᠬᠠᠯ ᠢ ᠠᠪᠤᠭᠰᠠᠨ ᠲᠠ ᠨᠠᠮᠠᠶᠢ ᠢᠯᠠᠨ ᠳᠡᠢᠯᠦᠭᠰᠡᠨ ᠢᠶᠡᠷ ᠪᠢ ᠡᠳᠦᠷᠵᠢᠨ ᠳᠣᠭᠣᠭᠢ ᠪᠣᠯᠵᠤ ᠬᠥᠮᠦᠨ ᠪᠣᠯᠭᠠᠨ ᠳᠤ ᠳᠣᠷᠣᠮᠵᠢᠯᠠᠭᠳᠠᠵᠤ ᠪᠠᠢᠨ᠎ᠠ᠃
8 ᠦᠭᠡ ᠶᠠᠷᠢᠬᠤ ᠪᠣᠯᠭᠠᠨ ᠳᠠᠭᠠᠨ ᠪᠢ ᠴᠢᠩᠭ᠎ᠠ ᠪᠠᠷ 《ᠦᠢᠮᠡᠭᠡᠨ︕ ᠰᠦᠢᠳᠦᠯ︕》 ᠬᠡᠮᠡᠨ ᠬᠠᠰᠬᠢᠷᠴᠤ᠂ ᠶᠣᠬᠣᠸᠠ ᠶᠢᠨ ᠦᠭᠡ ᠶᠢᠨ ᠤᠯᠠᠮ ᠢᠶᠠᠷ ᠪᠢ ᠡᠳᠦᠷᠵᠢᠨ ᠳᠣᠭᠣᠭᠢ ᠲᠣᠬᠣᠭᠤ ᠪᠣᠯᠳᠠᠭ᠃
9 ᠬᠠᠷᠢᠨ ᠪᠢ᠄ 《ᠲᠡᠭᠦᠨ ᠢ ᠳᠤᠷᠠᠳᠬᠤ ᠦᠭᠡᠢ᠂ ᠲᠡᠭᠦᠨ ᠦ ᠨᠡᠷ᠎ᠡ ᠪᠡᠷ ᠳᠠᠬᠢᠨ ᠶᠠᠷᠢᠬᠤ ᠦᠭᠡᠢ》 ᠭᠡᠪᠡᠯ ᠵᠢᠷᠦᠬᠡᠨ ᠳᠦ ᠮᠢᠨᠢ ᠪᠠᠢᠭ᠎ᠠ ᠨᠢᠭᠡ ᠵᠦᠢᠯ ᠨᠢ ᠶᠠᠰᠤᠨ ᠳᠣᠲᠣᠷ᠎ᠠ ᠬᠣᠷᠢᠭᠳᠠᠭᠰᠠᠨ ᠳᠦᠷᠡᠯᠵᠡᠵᠦ ᠪᠤᠢ ᠭᠠᠯ ᠮᠡᠲᠦ ᠪᠣᠯᠳᠠᠭ ᠤᠴᠢᠷ ᠪᠢ ᠲᠡᠭᠦᠨ ᠢ ᠳᠠᠷᠤᠬᠤ ᠭᠡᠵᠦ ᠶᠠᠳᠠᠷᠠᠨ᠎ᠠ᠂ ᠳᠠᠷᠤᠵᠤ ᠴᠢᠳᠠᠬᠤ ᠦᠭᠡᠢ ᠨᠢ᠃
10 ᠠᠷᠠᠳ ᠣᠯᠠᠨ᠄ 《ᠲᠠᠯ᠎ᠠ ᠪᠦᠷᠢ ᠳᠤ ᠠᠶᠤᠮᠰᠢᠭ ᠭᠡᠨ᠎ᠡ ᠤᠤ︖ ᠲᠡᠭᠦᠨ ᠢ ᠵᠠᠭᠠᠯᠳᠤᠶ᠎ᠠ᠂ ᠵᠠᠭᠠᠯᠳᠤᠵᠠᠭᠠᠶᠠ︕》 ᠭᠡᠵᠦ ᠰᠢᠪᠡᠨᠡᠯᠳᠦᠬᠦ ᠶᠢ ᠪᠢ ᠰᠣᠨᠣᠰᠣᠯ᠎ᠠ᠂ ᠠᠨᠳᠠ ᠨᠥᠬᠥᠳ ᠮᠢᠨᠢ ᠴᠤ ᠪᠦᠭᠦᠳᠡᠭᠡᠷ ᠢᠶᠡᠨ ᠪᠦᠳᠦᠷᠢᠬᠦ ᠶᠢ ᠮᠢᠨᠢ ᠬᠦᠯᠢᠶᠡᠨ᠄ 《ᠲᠡᠷᠡ ᠴᠤ ᠥᠲᠥᠭᠡᠭᠳᠡᠬᠦ ᠪᠠᠢᠬ᠎ᠠ᠂ ᠲᠡᠭᠡᠪᠡᠯ ᠪᠢᠳᠡ ᠲᠡᠭᠦᠨ ᠢ ᠳᠠᠷᠤᠵᠤ᠂ ᠲᠡᠭᠦᠨ ᠡᠴᠡ ᠬᠠᠷᠢᠭᠤ ᠪᠠᠨ ᠠᠪᠤᠶ᠎ᠠ》 ᠭᠡᠵᠡᠭᠡᠳᠡᠭ᠃
11 ᠬᠠᠷᠢᠨ ᠬᠦᠴᠦᠲᠦ ᠳᠠᠢᠴᠢᠨ ᠶᠣᠬᠣᠸᠠ ᠨᠠᠳᠠ ᠲᠠᠢ ᠬᠠᠮᠲᠤ ᠪᠠᠢᠭ᠎ᠠ ᠲᠤᠯᠠ ᠨᠠᠮᠠᠶᠢ ᠬᠠᠪᠴᠢᠭᠴᠢᠳ ᠪᠦᠳᠦᠷᠢᠬᠦ ᠪᠥᠭᠡᠳ ᠨᠠᠮᠠᠶᠢ ᠳᠡᠢᠯᠬᠦ ᠦᠭᠡᠢ ᠲᠡᠳᠡ ᠠᠮᠵᠢᠯᠲᠠ ᠣᠯᠬᠤ ᠦᠭᠡᠢ᠂ ᠠᠶᠤᠮᠰᠢᠭᠲᠤ ᠢᠴᠢᠭᠦᠷᠢ ᠳᠤ᠂ ᠮᠠᠷᠲᠠᠭᠳᠠᠰᠢ ᠦᠭᠡᠢ ᠮᠥᠩᠬᠡ ᠶᠢᠨ ᠢᠴᠢᠭᠦᠷᠢ ᠳᠤ ᠤᠨᠠᠨ᠎ᠠ᠃
12 ᠵᠥᠪᠲᠦ ᠬᠥᠮᠦᠨ ᠢ ᠰᠣᠷᠢᠵᠤ᠂ ᠵᠢᠷᠦᠬᠡ ᠰᠡᠳᠬᠢᠯ ᠢ ᠨᠢ ᠬᠠᠷᠠᠳᠠᠭ ᠠᠤᠭ᠎ᠠ ᠬᠦᠴᠦᠲᠦ ᠶᠣᠬᠣᠸᠠ᠂ ᠵᠥᠪᠬᠡᠨ ᠲᠠᠨ ᠳᠤ ᠪᠢ ᠬᠡᠷᠡᠭ ᠢᠶᠡᠨ ᠳᠠᠭᠠᠳᠬᠠᠭᠰᠠᠨ ᠲᠤᠯᠠ ᠲᠡᠳᠡᠨ ᠳᠦ ᠥᠭᠬᠦ ᠬᠠᠷᠢᠭᠤ ᠪᠠᠨ ᠬᠠᠷᠠᠭᠤᠯᠤᠭᠠᠴᠢ᠂
13 ᠶᠣᠬᠣᠸᠠ ᠳᠤ ᠳᠠᠭᠤᠯᠠ᠂ ᠶᠣᠬᠣᠸᠠ ᠶᠢ ᠮᠠᠭᠲᠠᠵᠠᠭᠠ︕ ᠦᠭᠡᠭᠦᠦ ᠬᠥᠮᠦᠨ ᠦ ᠠᠮᠢ ᠶᠢ ᠲᠡᠷᠡ ᠥᠭᠡᠳᠡ ᠦᠭᠡᠢ ᠬᠥᠮᠦᠰ ᠦᠨ ᠭᠠᠷ ᠠᠴᠠ ᠠᠪᠤᠷᠠᠳᠠᠭ ᠶᠤᠮ︕
14 ᠲᠥᠷᠥᠭᠰᠡᠨ ᠡᠳᠦᠷ ᠮᠢᠨᠢ ᠬᠠᠷᠢᠶᠠᠭᠳᠠᠭ ᠡᠬᠡ ᠶᠢᠨ ᠮᠢᠨᠢ ᠨᠠᠮᠠᠶᠢ ᠲᠥᠷᠥᠭᠦᠯᠦᠭᠰᠡᠨ ᠡᠳᠦᠷ ᠢᠷᠥᠭᠡᠭᠳᠡᠬᠦ ᠤᠴᠢᠷ ᠦᠭᠡᠢ
15 ᠡᠴᠢᠭᠡ ᠳᠦ ᠮᠢᠨᠢ᠄ 《ᠲᠠᠨ ᠳᠤ ᠬᠦᠦ ᠲᠥᠷᠥᠵᠡᠢ》 ᠭᠡᠰᠡᠨ ᠮᠡᠳᠡᠭᠡ ᠶᠢ ᠳᠠᠮᠵᠢᠭᠤᠯᠤᠨ ᠲᠡᠭᠦᠨ ᠢ ᠶᠡᠬᠡᠳᠡ ᠪᠠᠶᠠᠷᠯᠠᠭᠤᠯᠤᠭᠰᠠᠨ ᠬᠥᠮᠦᠨ ᠬᠠᠷᠢᠶᠠᠭᠳᠠᠭ
16 ᠨᠥᠭᠥᠭᠡ ᠬᠥᠮᠦᠨ ᠶᠣᠬᠣᠸᠠ ᠶᠢᠨ ᠥᠷᠥᠰᠢᠶᠡᠯ ᠦᠭᠡᠢ ᠬᠥᠮᠥᠷᠢᠭᠦᠯᠦᠭᠰᠡᠨ ᠬᠣᠲᠠ ᠨᠤᠭᠤᠳ ᠮᠡᠲᠦ ᠥᠷᠯᠥᠭᠡ ᠭᠠᠰᠢᠭᠤᠳᠠᠯ ᠢ᠂ ᠡᠳᠦᠷ ᠬᠠᠰᠬᠢᠷᠤᠭᠠᠨ ᠢ ᠰᠣᠨᠣᠰᠣᠭ᠃
17 ᠬᠡᠪᠡᠯᠢ ᠳᠤ ᠪᠠᠢᠬᠤ ᠳᠤ ᠮᠢᠨᠢ ᠲᠡᠷᠡ ᠨᠠᠮᠠᠶᠢ ᠰᠥᠨᠥᠭᠡᠵᠦ ᠬᠥᠯ ᠬᠦᠨᠳᠦ ᠡᠬᠡ ᠶᠢᠨ ᠮᠢᠨᠢ ᠬᠡᠪᠡᠯᠢ ᠶᠢ ᠬᠡᠵᠢᠶᠡᠳᠡ ᠭᠠᠷᠤᠰᠢ ᠦᠭᠡᠢ ᠮᠢᠨᠦ ᠪᠤᠯᠠᠰᠢ ᠪᠣᠯᠭᠠᠭᠰᠠᠨ ᠴᠤ ᠪᠣᠯᠣᠭᠠᠰᠠᠢ᠂
18 ᠬᠠᠷᠢᠨ ᠪᠢ ᠶᠠᠭᠠᠬᠢᠬᠤ ᠪᠠᠷ ᠬᠡᠪᠡᠯᠢ ᠡᠴᠡ ᠭᠠᠷᠤᠭᠠᠳ ᠭᠠᠰᠢᠭᠤᠨ ᠵᠣᠪᠠᠯᠠᠩ ᠦᠵᠡᠬᠦ ᠪᠡᠷ ᠠᠮᠢ ᠨᠠᠰᠤ ᠪᠠᠨ ᠢᠴᠢᠭᠦᠷᠢ ᠲᠠᠢ ᠦᠷᠡᠬᠦ ᠪᠣᠯᠪᠠ︖