ᠶᠧᠷᠧᠮᠢᠶ᠎ᠠ ᠬᠣᠷᠢ ᠶᠢᠰᠦ
ᠴᠥᠯᠡᠭᠳᠡᠭᠰᠡᠳ ᠲᠦ ᠪᠢᠴᠢᠭᠰᠡᠨ ᠵᠠᠬᠢᠳᠠᠯ
1 ᠳᠠᠷᠠᠭᠠᠬᠢ ᠨᠢ ᠴᠥᠯᠡᠭᠳᠡᠭᠰᠡᠳ ᠦᠨ ᠳᠤᠮᠳᠠ ᠠᠴᠠ ᠠᠮᠢᠳᠤ ᠦᠯᠡᠳᠡᠭᠰᠡᠨ ᠠᠬᠠᠮᠠᠳ ᠤᠳ ᠬᠢᠭᠡᠳ ᠨᠧᠪᠦ᠋ᠺᠠᠨᠧᠽᠠᠷ ᠤᠨ ᠶᠧᠷᠦ᠋ᠰᠠᠯᠧᠮ ᠡᠴᠡ ᠪᠠᠪᠢᠯᠣᠨ ᠤᠷᠤᠭᠤ ᠴᠥᠯᠡᠭᠰᠡᠨ ᠲᠠᠬᠢᠯᠴᠢᠳ᠂ ᠡᠰᠢ ᠦᠵᠡᠭᠦᠯᠦᠭᠴᠢᠳ ᠪᠣᠯᠣᠨ ᠪᠤᠰᠤᠳ ᠪᠦᠬᠦ ᠠᠷᠠᠳ ᠣᠯᠠᠨ ᠲᠤ ᠡᠰᠢ ᠦᠵᠡᠭᠦᠯᠦᠭᠴᠢ ᠶᠧᠷᠧᠮᠢᠶ᠎ᠠ ᠶᠢᠨ ᠶᠧᠷᠦ᠋ᠰᠠᠯᠧᠮ ᠡᠴᠡ ᠢᠯᠡᠭᠡᠭᠰᠡᠨ ᠵᠠᠬᠢᠳᠠᠯ ᠤᠨ ᠦᠭᠡᠰ ᠶᠤᠮ᠄ 2 (ᠲᠡᠷᠡ ᠦᠶ᠎ᠡ ᠳᠦ ᠶᠧᠺᠣᠨᠢᠶᠠ ᠬᠠᠭᠠᠨ᠂ ᠡᠬᠡ ᠬᠠᠲᠤᠨ᠂ ᠣᠷᠳᠣᠨ ᠤ ᠲᠦᠰᠢᠮᠡᠳ᠂ ᠶᠦᠳᠠ ᠪᠣᠯᠣᠨ ᠶᠧᠷᠦ᠋ᠰᠠᠯᠧᠮ ᠤᠨ ᠨᠣᠶᠠᠳ᠂ ᠭᠠᠷ ᠤᠷᠠᠴᠤᠳ ᠪᠣᠯᠣᠨ ᠳᠠᠷᠬᠠᠴᠤᠳ ᠶᠧᠷᠦ᠋ᠰᠠᠯᠧᠮ ᠡᠴᠡ ᠭᠠᠷᠤᠭᠰᠠᠨ ᠪᠠᠢᠪᠠ᠃ 3 ᠶᠦᠳᠠ ᠶᠢᠨ ᠬᠠᠭᠠᠨ ᠽᠧᠳᠧᠺᠢᠶ᠎ᠠ ᠪᠠᠷ ᠱᠠᠹᠠᠨ ᠤ ᠬᠦᠦ ᠡᠯᠠᠰᠠ ᠪᠣᠯᠣᠨ ᠾᠢᠯᠺᠢᠶ᠎ᠠ ᠶᠢᠨ ᠬᠦᠦ ᠭᠧᠮᠠᠷᠢᠶ᠎ᠠ ᠶᠢ ᠪᠠᠪᠢᠯᠣᠨ ᠤᠷᠤᠭᠤ ᠪᠠᠪᠢᠯᠣᠨ ᠤ ᠬᠠᠭᠠᠨ ᠨᠧᠪᠦ᠋ᠺᠠᠨᠧᠽᠠᠷ ᠲᠤ ᠢᠯᠡᠭᠡᠬᠦ ᠳᠦ᠂ ᠶᠧᠷᠧᠮᠢᠶ᠎ᠠ ᠲᠡᠷᠡ ᠬᠣᠶᠠᠷ ᠤᠨ ᠭᠠᠷ ᠢᠶᠠᠷ ᠡᠨᠡ ᠵᠠᠬᠢᠳᠠᠯ ᠢ ᠶᠠᠪᠤᠭᠤᠯᠵᠠᠢ᠃) 4 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠶᠧᠷᠦ᠋ᠰᠠᠯᠧᠮ ᠡᠴᠡ ᠪᠠᠪᠢᠯᠣᠨ ᠤᠷᠤᠭᠤ ᠴᠥᠯᠡᠵᠦ ᠶᠠᠪᠤᠭᠤᠯᠤᠭᠰᠠᠨ ᠪᠦᠬᠦ ᠴᠥᠯᠡᠭᠳᠡᠭᠰᠡᠳ ᠲᠡᠭᠡᠨ ᠡᠢᠨ ᠬᠦ ᠠᠢᠯᠠᠳᠴᠤ ᠪᠠᠢᠨ᠎ᠠ᠄ 5 〈ᠲᠡᠨᠳᠡ ᠲᠠ ᠨᠠᠷ ᠭᠡᠷ ᠢᠶᠡᠨ ᠪᠣᠰᠬᠠᠵᠤ ᠰᠠᠭᠤᠵᠠᠭ᠎ᠠ᠂ ᠴᠡᠴᠡᠷᠯᠢᠭ ᠪᠠᠢᠭᠤᠯᠵᠤ᠂ ᠦᠷ᠎ᠡ ᠵᠢᠮᠢᠰ ᠢ ᠨᠢ ᠢᠳᠡ᠃ 6 ᠡᠬᠡᠨᠡᠷ ᠠᠪᠴᠤ᠂ ᠬᠥᠪᠡᠭᠦᠳ ᠥᠬᠢᠳ ᠲᠠᠢ ᠪᠣᠯᠵᠤ᠂ ᠬᠥᠪᠡᠭᠦᠳ ᠲᠡᠭᠡᠨ ᠪᠡᠷᠢ ᠪᠠᠭᠤᠯᠭᠠᠵᠤ᠂ ᠥᠬᠢᠳ ᠢᠶᠠᠨ ᠬᠠᠷᠢ ᠳᠤ ᠮᠣᠷᠳᠠᠭᠤᠯᠵᠤ᠂ ᠲᠡᠳᠡ ᠨᠠᠷ ᠢ ᠬᠥᠪᠡᠭᠦᠳ ᠥᠬᠢᠳ ᠲᠠᠢ ᠪᠣᠯᠭ᠎ᠠ᠃ ᠡᠢᠨ ᠬᠦ ᠲᠡᠨᠳᠡ ᠲᠠ ᠨᠠᠷ ᠣᠯᠠᠰᠢᠷᠠ᠂ ᠪᠦᠦ ᠴᠥᠭᠡᠷᠡ᠂ 7 ᠲᠠ ᠨᠠᠷ ᠮᠢᠨᠦ ᠴᠥᠯᠡᠵᠦ ᠣᠴᠢᠭᠤᠯᠤᠭᠰᠠᠨ ᠬᠣᠲᠠ ᠶᠢᠨ ᠠᠮᠤᠷ ᠠᠮᠤᠭᠤᠯᠠᠩ ᠢ ᠡᠷᠢᠯᠬᠢᠯᠡᠵᠦ᠂ ᠲᠡᠭᠦᠨ ᠦ ᠡᠮᠦᠨ᠎ᠡ ᠡᠴᠡ ᠶᠣᠬᠣᠸᠠ ᠳᠤ ᠳᠠᠭᠠᠳᠬ᠎ᠠ᠂ ᠲᠡᠷᠡ ᠠᠮᠤᠷ ᠠᠮᠤᠭᠤᠯᠠᠩ ᠪᠠᠢᠬᠤ ᠳᠤ ᠲᠠ ᠨᠠᠷ ᠴᠤ ᠠᠮᠤᠷ ᠠᠮᠤᠭᠤᠯᠠᠩ ᠪᠠᠢᠬᠤ ᠪᠣᠯᠣᠨ᠎ᠠ᠃〉 8 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠲᠠ ᠨᠠᠷ ᠥᠪᠡᠷᠰᠡᠳ ᠦᠨ ᠢᠶᠠᠨ ᠳᠤᠮᠳᠠ ᠪᠠᠢᠭ᠎ᠠ ᠡᠰᠢ ᠦᠵᠡᠭᠦᠯᠦᠭᠴᠢᠳ ᠪᠤᠶᠤ ᠲᠥᠯᠭᠡᠴᠢᠳ ᠲᠡᠭᠡᠨ ᠪᠦᠦ ᠮᠡᠬᠡᠯᠡᠭᠳᠡ᠂ ᠲᠡᠳᠡᠨ ᠦ ᠵᠡᠭᠦᠳᠦᠯᠡᠳᠡᠭ ᠵᠡᠭᠦᠳᠦ ᠨᠦᠭᠦᠳ ᠢ ᠪᠦᠦ ᠣᠢᠰᠢᠶᠠ᠃ 9 ᠪᠢ ᠲᠡᠳᠡᠨ ᠢ ᠢᠯᠡᠭᠡᠭᠡ ᠦᠭᠡᠢ ᠠᠲᠠᠯ᠎ᠠ ᠲᠡᠳᠡ ᠲᠠ ᠨᠠᠷ ᠲᠤ ᠮᠢᠨᠦ ᠨᠡᠷ᠎ᠡ ᠪᠡᠷ ᠬᠤᠳᠠᠯ ᠢᠶᠠᠷ ᠡᠰᠢ ᠦᠵᠡᠭᠦᠯᠳᠡᠭ᠂〉 ᠶᠣᠬᠣᠸᠠ ᠠᠢᠯᠠᠳᠴᠤ ᠪᠠᠢᠨ᠎ᠠ᠃
10 ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠠᠪᠢᠯᠣᠨ ᠤ ᠳᠠᠯᠠᠨ ᠵᠢᠯ ᠭᠦᠢᠴᠡᠬᠦ ᠳᠦ᠂ ᠪᠢ ᠲᠠ ᠨᠠᠷ ᠲᠤ ᠠᠮᠠᠯᠠᠭᠰᠠᠨ ᠰᠠᠢᠨ ᠰᠠᠢᠬᠠᠨ ᠢᠶᠠᠨ ᠪᠡᠶᠡᠯᠡᠭᠦᠯᠬᠦ ᠪᠡᠷ ᠲᠠ ᠨᠠᠷ ᠳᠡᠭᠡᠷ᠎ᠡ ᠣᠴᠢᠵᠤ᠂ ᠲᠠ ᠨᠠᠷ ᠢ ᠡᠨᠡ ᠭᠠᠵᠠᠷ ᠲᠤ ᠪᠤᠴᠠᠭᠠᠨ ᠠᠪᠴᠢᠷᠠᠨ᠎ᠠ᠃ 11 ᠶᠣᠬᠣᠸᠠ ᠠᠢᠯᠠᠳᠴᠤ ᠪᠠᠢᠨ᠎ᠠ᠃ ᠲᠠ ᠨᠠᠷ ᠤᠨ ᠲᠥᠯᠥᠭᠡᠬᠢ ᠲᠥᠯᠥᠪᠯᠡᠭᠡ ᠪᠡᠨ ᠪᠢ ᠥᠪᠡᠷ ᠢᠶᠡᠨ ᠰᠠᠢᠨ ᠮᠡᠳᠡᠨ᠎ᠡ᠃ ᠲᠡᠷᠡ ᠪᠣᠯ ᠭᠠᠢ ᠵᠣᠪᠠᠯᠠᠩ ᠤᠨ ᠪᠤᠰᠤ᠂ ᠠᠮᠤᠷ ᠠᠮᠤᠭᠤᠯᠠᠩ ᠤᠨ ᠲᠥᠯᠥᠪᠯᠡᠭᠡ᠂ ᠲᠠ ᠨᠠᠷ ᠲᠤ ᠨᠠᠢᠳᠠᠪᠤᠷᠢ ᠲᠠᠢ ᠢᠷᠡᠭᠡᠳᠦᠢ ᠶᠢ ᠥᠭᠬᠦ ᠲᠥᠯᠥᠪᠯᠡᠭᠡ ᠪᠢᠯᠡ᠃〉 12 〈ᠨᠠᠳᠠ ᠤᠷᠤᠭᠤ ᠬᠠᠰᠬᠢᠷᠴᠠᠭᠠ᠂ ᠲᠠ ᠨᠠᠷ ᠨᠠᠳᠠ ᠤᠷᠤᠭᠤ ᠢᠷᠡᠵᠦ ᠳᠠᠭᠠᠳᠬᠠᠪᠠᠯ᠂ ᠪᠢ ᠲᠠ ᠨᠠᠷ ᠤᠨ ᠬᠢ ᠶᠢ ᠰᠣᠨᠣᠰᠣᠨ᠎ᠠ᠃ 13 ᠲᠠ ᠨᠠᠷ ᠨᠠᠮᠠᠶᠢ ᠡᠷᠢᠪᠡᠯ ᠣᠯᠣᠨ᠎ᠠ᠃ ᠪᠦᠬᠦᠢᠯᠡ ᠵᠢᠷᠦᠬᠡ ᠪᠡᠷ ᠢᠶᠠᠨ ᠨᠠᠮᠠᠶᠢ ᠬᠠᠢᠪᠠᠯ᠂ 14 ᠪᠢ ᠲᠠ ᠨᠠᠷ ᠲᠤ ᠣᠯᠳᠠᠨ᠎ᠠ᠂〉 ᠶᠣᠬᠣᠸᠠ ᠠᠢᠯᠠᠳᠴᠤ ᠪᠠᠢᠨ᠎ᠠ᠃ 〈ᠪᠢ ᠲᠠ ᠨᠠᠷ ᠢ ᠴᠥᠯᠡᠯᠭᠡ ᠡᠴᠡ ᠪᠤᠴᠠᠭᠠᠨ᠂ ᠲᠠ ᠨᠠᠷ ᠢ ᠬᠥᠭᠡᠭᠡᠵᠦ ᠣᠴᠢᠭᠤᠯᠤᠭᠰᠠᠨ ᠪᠦᠬᠦ ᠦᠨᠳᠦᠰᠦᠲᠡᠨ ᠦ ᠪᠦᠬᠦ ᠭᠠᠵᠠᠷ ᠠᠴᠠ ᠴᠤᠭᠯᠠᠭᠤᠯᠤᠨ᠎ᠠ᠃〉 ᠶᠣᠬᠣᠸᠠ ᠠᠢᠯᠠᠳᠴᠤ ᠪᠠᠢᠨ᠎ᠠ᠃ ᠪᠢ ᠲᠠ ᠨᠠᠷ ᠢ ᠴᠥᠯᠡᠵᠦ ᠣᠴᠢᠭᠤᠯᠤᠭᠰᠠᠨ ᠭᠠᠵᠠᠷ ᠠᠴᠠ ᠪᠠᠨ ᠪᠤᠴᠠᠭᠠᠨ ᠠᠪᠴᠢᠷᠠᠨ᠎ᠠ︕
15 ᠲᠠ ᠨᠠᠷ᠄ 〈ᠶᠣᠬᠣᠸᠠ ᠪᠠᠪᠢᠯᠣᠨ ᠳᠤ ᠴᠤ ᠪᠢᠳᠡᠨ ᠦ ᠲᠥᠯᠥᠭᠡ ᠡᠰᠢ ᠦᠵᠡᠭᠦᠯᠦᠭᠴᠢᠳ ᠢ ᠪᠣᠰᠬᠠᠭᠰᠠᠨ〉 ᠭᠡᠵᠦ ᠬᠡᠯᠡᠳᠡᠭ ᠪᠣᠯᠪᠠᠴᠤ 16 [ᠶᠣᠬᠣᠸᠠ ᠤᠷᠢᠳᠠᠪᠠᠷ ᠳ᠋ᠠᠸᠢᠳ᠋ ᠤᠨ ᠰᠡᠨᠲᠢ ᠳᠤ ᠰᠠᠭᠤᠵᠤ ᠪᠠᠢᠭ᠎ᠠ ᠬᠠᠭᠠᠨ ᠬᠢᠭᠡᠳ ᠡᠨᠡ ᠬᠣᠲᠠ ᠳᠤ ᠦᠯᠡᠳᠡᠭᠰᠡᠨ ᠪᠦᠬᠦ ᠠᠷᠠᠳ ᠲᠦᠮᠡᠨ᠂ ᠲᠤᠬᠠᠢᠯᠠᠪᠠᠯ ᠲᠠ ᠨᠠᠷ ᠲᠠᠢ ᠬᠠᠮᠲᠤ ᠴᠥᠯᠡᠯᠭᠡ ᠳᠦ ᠶᠠᠪᠤᠭ᠎ᠠ ᠦᠭᠡᠢ ᠠᠬ᠎ᠠ ᠳᠡᠭᠦᠦᠰ ᠦᠨ ᠴᠢᠨᠢ ᠲᠠᠯ᠎ᠠ ᠪᠠᠷ ᠠᠢᠯᠠᠳᠴᠤ ᠪᠠᠢᠨ᠎ᠠ᠂ 17 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠲᠡᠳᠡᠨ ᠦ ᠳᠡᠭᠡᠷ᠎ᠡ ᠢᠯᠳᠦ᠂ ᠥᠯᠥᠰᠬᠥᠯᠡᠩ ᠪᠣᠯᠣᠨ ᠲᠠᠬᠤᠯ ᠢ ᠪᠠᠭᠤᠯᠭᠠᠵᠤ ᠪᠠᠢᠨ᠎ᠠ᠃ ᠪᠢ ᠲᠡᠳᠡᠨ ᠢ ᠮᠠᠭᠤᠳᠠᠭᠠᠳ ᠢᠳᠡᠵᠦ ᠪᠣᠯᠬᠤ ᠦᠭᠡᠢ ᠪᠣᠯᠣᠭᠰᠠᠨ ᠮᠠᠭᠤᠬᠠᠢ ᠢᠨᠵᠢᠷ ᠲᠠᠢ ᠠᠳᠠᠯᠢ ᠪᠣᠯᠭᠠᠨ᠎ᠠ᠃ 18 ᠪᠢ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠲᠡᠳᠡᠨ ᠢ ᠨᠡᠬᠡᠵᠦ᠂ ᠲᠡᠳᠡ ᠳᠡᠯᠡᠬᠡᠢ ᠶᠢᠨ ᠪᠦᠬᠦ ᠬᠠᠭᠠᠨᠴᠢᠯᠠᠯ ᠤᠨ ᠵᠢᠪᠡᠭᠦᠴᠡᠯ᠂ ᠬᠥᠭᠡᠭᠡᠭᠳᠡᠨ ᠣᠴᠢᠭᠰᠠᠨ ᠭᠠᠵᠠᠷ ᠤᠨ ᠢᠶᠠᠨ ᠪᠦᠬᠦ ᠦᠨᠳᠦᠰᠦᠲᠡᠨ ᠦ ᠳᠤᠮᠳᠠ ᠬᠠᠷᠢᠶᠠᠯ᠂ ᠵᠢᠭ᠍ᠰᠢᠯ ᠪᠠ ᠳᠣᠷᠣᠮᠵᠢᠯᠠᠯ ᠪᠣᠯᠣᠨ᠎ᠠ᠃ 19 ᠤᠴᠢᠷ ᠨᠢ ᠪᠢ ᠵᠠᠷᠤᠴᠠ ᠡᠰᠢ ᠦᠵᠡᠭᠦᠯᠦᠭᠴᠢᠳ ᠢᠶᠠᠷ ᠢᠶᠠᠨ ᠳᠠᠮᠵᠢᠭᠤᠯᠤᠨ ᠲᠡᠳᠡᠨ ᠳᠦ ᠳᠠᠬᠢᠨ ᠳᠠᠬᠢᠨ ᠦᠭᠡ ᠪᠡᠨ ᠢᠯᠡᠭᠡᠭᠰᠡᠨ ᠪᠣᠯᠪᠠᠴᠤ ᠲᠡᠳᠡ ᠮᠢᠨᠦᠬᠢ ᠶᠢ ᠰᠣᠨᠣᠰᠣᠭ᠎ᠠ ᠦᠭᠡᠢ᠂〉 ᠶᠣᠬᠣᠸᠠ ᠠᠢᠯᠠᠳᠴᠤ ᠪᠠᠢᠨ᠎ᠠ᠃ 〈ᠲᠠ ᠨᠠᠷ ᠴᠤ ᠰᠣᠨᠣᠰᠣᠭ᠎ᠠ ᠦᠭᠡᠢ〉 ᠶᠣᠬᠣᠸᠠ ᠠᠢᠯᠠᠳᠴᠤ ᠪᠠᠢᠨ᠎ᠠ᠃ 20 ᠲᠡᠢᠮᠦ ᠡᠴᠡ ᠲᠠ ᠨᠠᠷ ᠶᠣᠬᠣᠸᠠ ᠶᠢᠨ ᠦᠭᠡ ᠶᠢ ᠰᠣᠨᠣᠰᠣᠭᠲᠤᠨ᠂ ᠶᠧᠷᠦ᠋ᠰᠠᠯᠧᠮ ᠡᠴᠡ ᠪᠠᠪᠢᠯᠣᠨ ᠤᠷᠤᠭᠤ ᠮᠢᠨᠦ ᠶᠠᠪᠤᠭᠤᠯᠤᠭᠰᠠᠨ ᠪᠦᠬᠦ ᠴᠥᠯᠡᠭᠳᠡᠭᠰᠡᠳ ᠡ᠂] 21 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠺᠣᠯᠠᠢᠶᠠ ᠶᠢᠨ ᠬᠦᠦ ᠠᠾᠠᠪ ᠪᠣᠯᠣᠨ ᠮᠠᠶᠠᠰᠧᠶ᠎ᠠ ᠶᠢᠨ ᠬᠦᠦ ᠽᠧᠳᠧᠺᠢᠶ᠎ᠠ ᠶᠢᠨ ᠲᠤᠬᠠᠢ ᠡᠢᠨ ᠬᠦ ᠠᠢᠯᠠᠳᠴᠤ ᠪᠠᠢᠨ᠎ᠠ᠄ 〈ᠲᠡᠳᠡ ᠲᠠ ᠨᠠᠷ ᠲᠤ ᠮᠢᠨᠦ ᠨᠡᠷ᠎ᠡ ᠪᠡᠷ ᠬᠠᠭᠤᠷᠮᠠᠴᠢ ᠪᠠᠷ ᠡᠰᠢ ᠦᠵᠡᠭᠦᠯᠵᠦ ᠪᠠᠢᠨ᠎ᠠ᠃ ᠬᠠᠷ᠎ᠠ᠂ ᠪᠢ ᠲᠡᠳᠡᠨ ᠢ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠭᠠᠷ ᠲᠤ ᠲᠤᠰᠢᠶᠠᠬᠤ ᠪᠥᠭᠡᠳ ᠲᠡᠷᠡ ᠪᠡᠷ ᠲᠠ ᠨᠠᠷ ᠤᠨ ᠨᠢᠳᠦᠨ ᠦ ᠡᠮᠦᠨ᠎ᠡ ᠲᠡᠳᠡᠨ ᠢ ᠴᠠᠭᠠᠵᠠᠯᠠᠨ᠎ᠠ᠃〉 22 ᠡᠭᠦᠨ ᠦ ᠤᠴᠢᠷ ᠢᠶᠠᠷ ᠪᠠᠪᠢᠯᠣᠨ ᠳᠤ ᠪᠠᠢᠭ᠎ᠠ ᠶᠦᠳᠠ ᠶᠢᠨ ᠴᠥᠯᠡᠭᠳᠡᠭᠰᠡᠳ ᠪᠦᠭᠦᠳᠡ ᠬᠠᠷᠢᠶᠠᠯ ᠬᠢᠬᠦ ᠳᠡᠭᠡᠨ᠄ 〈ᠶᠣᠬᠣᠸᠠ ᠴᠢᠮᠠᠶᠢ ᠪᠠᠪᠢᠯᠣᠨ ᠤ ᠬᠠᠭᠠᠨ ᠤ ᠭᠠᠯ ᠳᠤ ᠰᠢᠲᠠᠭᠠᠭᠰᠠᠨ ᠽᠧᠳᠧᠺᠢᠶ᠎ᠠ ᠪᠣᠯᠣᠨ ᠠᠾᠠᠪ ᠲᠠᠢ ᠠᠳᠠᠯᠢ ᠪᠣᠯᠭᠠᠭ〉 ᠭᠡᠬᠦ ᠪᠣᠯᠣᠨ᠎ᠠ᠃ 23 ᠤᠴᠢᠷ ᠨᠢ ᠲᠡᠳᠡ ᠢᠰᠷᠧᠯ ᠳᠤ ᠢᠴᠢᠭᠦᠷᠢᠲᠦ ᠵᠦᠢᠯᠡᠰ ᠢ ᠦᠢᠯᠡᠳᠦᠨ᠂ ᠪᠤᠰᠤᠳ ᠤᠨ ᠡᠬᠡᠨᠡᠷ ᠤᠳ ᠲᠠᠢ ᠵᠠᠪᠬᠠᠢᠷᠠᠵᠤ᠂ ᠮᠢᠨᠦ ᠲᠤᠰᠢᠶᠠᠭ᠎ᠠ ᠦᠭᠡᠢ ᠶᠢ ᠮᠢᠨᠦ ᠨᠡᠷ᠎ᠡ ᠪᠡᠷ ᠬᠤᠳᠠᠯ ᠶᠠᠷᠢᠭᠰᠠᠨ ᠶᠤᠮ᠃ ᠪᠢ ᠡᠭᠦᠨ ᠢ ᠮᠡᠳᠡᠳᠡᠭ ᠪᠥᠭᠡᠳ ᠡᠭᠦᠨ ᠦ ᠭᠡᠷᠡᠴᠢ ᠪᠢᠯᠡ᠂》 ᠶᠣᠬᠣᠸᠠ ᠠᠢᠯᠠᠳᠴᠤ ᠪᠠᠢᠨ᠎ᠠ᠃
24 ᠨᠧᠾᠧᠯᠠᠮ ᠬᠥᠮᠦᠨ ᠱᠧᠮᠡᠢᠶᠠ ᠳᠤ ᠴᠢ ᠢᠩᠭᠢᠵᠦ ᠶᠠᠷᠢ᠄ 25 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠴᠢ ᠥᠪᠡᠷ ᠦᠨ ᠢᠶᠠᠨ ᠨᠡᠷ᠎ᠡ ᠪᠡᠷ ᠶᠧᠷᠦ᠋ᠰᠠᠯᠧᠮ ᠳᠠᠬᠢ ᠪᠦᠬᠦ ᠠᠷᠠᠳ ᠲᠦᠮᠡᠨ ᠳᠦ᠂ ᠮᠥᠨ ᠮᠠᠶᠠᠰᠧᠶ᠎ᠠ ᠶᠢᠨ ᠬᠦᠦ ᠲᠠᠬᠢᠯᠴᠢ ᠽᠧᠹᠠᠨᠢᠶ᠎ᠠ ᠪᠣᠯᠣᠨ ᠪᠦᠬᠦ ᠲᠠᠬᠢᠯᠴᠢ ᠲᠤ ᠵᠠᠬᠢᠳᠠᠯ ᠢᠯᠡᠭᠡᠨ᠄ 26 ᠶᠣᠬᠣᠸᠠ ᠴᠢᠮᠠᠶᠢ ᠶᠧᠬᠣᠶᠠᠳᠠ ᠶᠢᠨ ᠣᠷᠣᠨ ᠳᠤ ᠶᠣᠬᠣᠸᠠ ᠶᠢᠨ ᠥᠷᠭᠥᠭᠡ ᠶᠢ ᠬᠠᠷᠢᠭᠤᠴᠠᠬᠤ ᠲᠠᠬᠢᠯᠴᠢ ᠪᠠᠷ ᠲᠣᠮᠢᠯᠠᠭᠰᠠᠨ ᠲᠤᠯᠠ ᠴᠢ ᠡᠰᠢ ᠦᠵᠡᠭᠦᠯᠦᠭᠴᠢ ᠶᠢᠨ ᠳᠦᠷᠢ ᠦᠵᠡᠭᠦᠯᠳᠡᠭ ᠭᠠᠯᠵᠠᠭᠤ ᠲᠠᠢ ᠬᠥᠮᠦᠨ ᠪᠣᠯᠭᠠᠨ ᠢ ᠭᠠᠪᠠᠯᠠᠨ ᠳᠥᠩᠭᠡᠯᠡᠬᠦ ᠶᠣᠰᠣᠲᠠᠢ ᠠᠲᠠᠯ᠎ᠠ ᠪᠠᠨ 27 ᠶᠠᠭᠠᠬᠢᠭᠠᠳ ᠲᠠᠨ ᠤ ᠲᠡᠨᠳᠡ ᠪᠠᠢᠭ᠎ᠠ ᠡᠰᠢ ᠦᠵᠡᠭᠦᠯᠦᠭᠴᠢ ᠶᠢᠨ ᠳᠦᠷᠢ ᠦᠵᠡᠭᠦᠯᠳᠡᠭ ᠠᠨᠠᠲ᠋ᠣᠲ ᠬᠥᠮᠦᠨ ᠶᠧᠷᠧᠮᠢᠶ᠎ᠠ ᠶᠢ ᠵᠢᠮᠡᠯᠡᠭᠡ ᠦᠭᠡᠢ ᠪᠠᠷ ᠥᠩᠭᠡᠷᠡᠨ᠎ᠡ ᠪᠤᠢ︖〉 28 ᠲᠡᠷᠡ ᠬᠥᠮᠦᠨ ᠪᠠᠪᠢᠯᠣᠨ ᠳᠤ ᠪᠠᠢᠭ᠎ᠠ ᠪᠢᠳᠡᠨ ᠤᠷᠤᠭᠤ ᠵᠠᠬᠢᠶ᠎ᠠ ᠢᠯᠡᠭᠡᠨ᠄ 〈ᠲᠡᠨᠳᠡ ᠲᠠ ᠨᠠᠷ ᠤᠳᠠᠭᠠᠨ ᠪᠠᠢᠬᠤ ᠲᠤᠯᠠ ᠭᠡᠷ ᠢᠶᠡᠨ ᠪᠣᠰᠬᠠᠨ ᠰᠠᠭᠤᠵᠤ᠂ ᠴᠡᠴᠡᠷᠯᠢᠭ ᠪᠠᠢᠭᠤᠯᠤᠨ ᠦᠷ᠎ᠡ ᠵᠢᠮᠢᠰ ᠢ ᠨᠢ ᠢᠳᠡ〉 ᠭᠡᠰᠡᠨ ᠪᠠᠢᠨ᠎ᠠ᠃》
29 ᠲᠠᠬᠢᠯᠴᠢ ᠽᠧᠹᠠᠨᠢᠶ᠎ᠠ ᠡᠨᠡ ᠵᠠᠬᠢᠳᠠᠯ ᠢ ᠡᠰᠢ ᠦᠵᠡᠭᠦᠯᠦᠭᠴᠢ ᠶᠧᠷᠧᠮᠢᠶ᠎ᠠ ᠳᠤ ᠤᠩ᠋ᠰᠢᠵᠤ ᠥᠭᠴᠦ ᠪᠠᠢᠲᠠᠯ᠎ᠠ᠂ 30 ᠶᠣᠬᠣᠸᠠ ᠶᠢᠨ ᠦᠭᠡ ᠶᠧᠷᠧᠮᠢᠶ᠎ᠠ ᠳᠤ ᠢᠷᠡᠵᠦ᠄ 31 《ᠴᠢ ᠪᠦᠬᠦ ᠴᠥᠯᠡᠭᠳᠡᠭᠰᠡᠳ ᠲᠦ ᠦᠭᠡ ᠢᠯᠡᠭᠡᠵᠦ᠂ ᠶᠣᠬᠣᠸᠠ ᠨᠧᠾᠧᠯᠠᠮ ᠬᠥᠮᠦᠨ ᠱᠧᠮᠡᠢᠶᠠ ᠶᠢᠨ ᠲᠠᠯ᠎ᠠ ᠪᠠᠷ ᠡᠢᠨ ᠬᠦ ᠠᠢᠯᠠᠳᠴᠤ ᠪᠠᠢᠨ᠎ᠠ᠄ 〈ᠪᠢ ᠱᠧᠮᠡᠢᠶᠠ ᠶᠢ ᠢᠯᠡᠭᠡᠭᠡ ᠦᠭᠡᠢ ᠠᠲᠠᠯ᠎ᠠ ᠲᠡᠷᠡ ᠪᠡᠷ ᠡᠰᠢ ᠦᠵᠡᠭᠦᠯᠦᠨ᠂ ᠲᠠ ᠨᠠᠷ ᠢ ᠬᠤᠳᠠᠯ ᠳᠤ ᠢᠲᠡᠭᠡᠭᠦᠯᠦᠭᠰᠡᠨ᠃〉 32 ᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠨᠧᠾᠧᠯᠠᠮ ᠬᠥᠮᠦᠨ ᠱᠧᠮᠡᠢᠶᠠ ᠪᠣᠯᠣᠨ ᠲᠡᠭᠦᠨ ᠦ ᠦᠷ᠎ᠡ ᠤᠳᠤᠮ ᠢ ᠰᠢᠳᠬᠡᠨ᠎ᠡ᠃ ᠲᠡᠷᠡ ᠪᠡᠷ ᠶᠣᠬᠣᠸᠠ ᠠᠴᠠ ᠲᠡᠷᠰᠯᠡᠬᠦ ᠶᠢ ᠢᠳᠬᠠᠭᠰᠠᠨ ᠤᠴᠢᠷ ᠠᠴᠠ ᠲᠡᠳᠡᠨ ᠦ ᠬᠢᠨ ᠡᠨᠡ ᠠᠷᠠᠳ ᠲᠦᠮᠡᠨ ᠦ ᠳᠤᠮᠳᠠ ᠦᠯᠡᠳᠡᠬᠦ ᠦᠭᠡᠢ ᠪᠥᠭᠡᠳ ᠠᠷᠠᠳ ᠲᠦᠮᠡᠨ ᠦ ᠪᠠᠨ ᠲᠥᠯᠥᠭᠡ ᠮᠢᠨᠦ ᠦᠢᠯᠡᠳᠬᠦ ᠰᠠᠢᠨ ᠢ ᠴᠤ ᠬᠠᠷᠠᠬᠤ ᠦᠭᠡᠢ ᠪᠣᠯᠣᠨ᠎ᠠ᠃ ᠶᠣᠬᠣᠸᠠ ᠠᠢᠯᠠᠳᠴᠤ ᠪᠠᠢᠨ᠎ᠠ〉 ᠭᠡᠵᠦ ᠬᠡᠯᠡ》 ᠬᠡᠮᠡᠨ ᠠᠢᠯᠠᠳᠤᠯ᠎ᠠ᠃