1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠶᠢᠰᠦ
1 ᠲᠣᠯᠣᠭᠠᠢ ᠮᠢᠨᠢ ᠤᠰᠤᠨ ᠣᠷᠭᠢᠯᠤᠭᠤᠷ᠂ ᠨᠢᠳᠦ ᠮᠢᠨᠢ ᠨᠢᠯᠪᠤᠰᠤᠨ ᠤ ᠤᠨᠳᠤᠷᠤᠭ᠎ᠠ ᠪᠠᠢᠭᠰᠠᠨ ᠴᠤ ᠪᠣᠯᠣᠭᠠᠰᠠᠢ᠂ ᠲᠡᠭᠡᠪᠡᠯ ᠪᠢ ᠥᠬᠢᠨ ᠠᠷᠠᠳ ᠲᠦᠮᠡᠨ ᠦ ᠪᠠᠨ ᠠᠯᠠᠭᠳᠠᠭᠰᠠᠨ ᠤ ᠲᠥᠯᠥᠭᠡ ᠡᠳᠦᠷ ᠰᠥᠨᠢ ᠦᠭᠡᠢ ᠤᠬᠢᠯᠠᠬᠤ ᠪᠠᠢᠭᠰᠠᠨ᠂
2 ᠠᠶᠠᠨᠴᠢᠳ ᠤᠨ ᠬᠣᠨᠣᠬᠤ ᠭᠠᠵᠠᠷ ᠴᠥᠯ ᠳᠤ ᠨᠠᠳᠠ ᠳᠤ ᠤᠯᠳᠠᠭᠠᠰᠠᠢ︕ ᠠᠷᠠᠳ ᠲᠦᠮᠡᠨ ᠢᠶᠡᠨ ᠪᠢ ᠣᠷᠬᠢᠭᠠᠳ ᠣᠴᠢᠬᠤ ᠶᠤᠮᠰᠠᠨ ᠲᠡᠳᠡ ᠪᠦᠭᠦᠳᠡ ᠵᠠᠪᠬᠠᠢ᠂ ᠲᠡᠷᠰᠯᠡᠭᠴᠢ ᠶᠢᠨ ᠪᠦᠯᠦᠭ ᠶᠤᠮ᠂

3 ᠲᠡᠳᠡ ᠬᠡᠯᠡ ᠪᠡᠨ ᠨᠤᠮᠤ ᠮᠡᠲᠦ ᠲᠡᠯᠡᠵᠦ ᠬᠤᠳᠠᠯ ᠢ ᠬᠠᠷᠪᠤᠨ᠂ ᠦᠨᠡᠨ ᠪᠢᠰᠢ ᠶᠠᠪᠤᠳᠠᠯ ᠢᠶᠠᠷ ᠭᠠᠵᠠᠷ ᠳᠡᠭᠡᠷ᠎ᠡ ᠬᠦᠴᠦ ᠪᠡᠨ ᠨᠡᠮᠡᠭᠳᠡᠭᠦᠯᠵᠦ ᠨᠠᠮᠠᠶᠢ ᠦᠯᠦ ᠣᠢᠰᠢᠶᠠᠨ ᠪᠤᠵᠠᠷ ᠠᠴᠠ ᠪᠤᠵᠠᠷ ᠤᠷᠤᠭᠤ ᠶᠠᠪᠤᠳᠠᠭ᠂ ᠶᠣᠬᠣᠸᠠ ᠪᠢ ᠠᠢᠯᠠᠳᠴᠤ ᠪᠠᠢᠨ᠎ᠠ᠂
4 ᠠᠬ᠎ᠠ ᠳᠡᠭᠦᠦ ᠪᠣᠯᠭᠠᠨ ᠵᠠᠯᠢ ᠮᠡᠬᠡ ᠭᠠᠷᠭᠠᠨ ᠬᠥᠷᠰᠢ ᠪᠣᠯᠭᠠᠨ ᠬᠣᠪ ᠵᠥᠭᠡᠭᠡᠳᠡᠭ ᠬᠥᠮᠦᠨ ᠪᠦᠷᠢ ᠠᠢᠯ ᠬᠥᠷᠰᠢ ᠡᠴᠡ ᠪᠡᠨ ᠪᠣᠯᠭᠣᠮᠵᠢᠯᠠ ᠠᠬ᠎ᠠ ᠳᠡᠭᠦᠦᠰ ᠲᠡᠭᠡᠨ ᠪᠦᠦ ᠢᠲᠡᠭᠡ᠂
5 ᠬᠥᠮᠦᠨ ᠪᠦᠷᠢ ᠦᠨᠡᠨ ᠢ ᠬᠡᠯᠡᠯ ᠦᠭᠡᠢ ᠬᠥᠷᠰᠢ ᠪᠠᠨ ᠮᠡᠬᠡᠯᠡᠨ ᠬᠤᠳᠠᠯ ᠶᠠᠷᠢᠬᠤ ᠳᠤ ᠬᠡᠯᠡ ᠪᠡᠨ ᠳᠠᠰᠬᠠᠵᠤ ᠬᠣᠷᠣᠨ ᠮᠠᠭᠤ ᠶᠢ ᠦᠢᠯᠡᠳᠬᠦ ᠪᠡᠷ ᠵᠦᠳᠡᠷᠡᠨ᠎ᠡ᠃
6 ᠣᠷᠣᠨ ᠰᠠᠭᠤᠴᠠ ᠴᠢᠨᠢ ᠣᠪ ᠮᠡᠬᠡ ᠶᠢᠨ ᠳᠤᠮᠳᠠ ᠪᠤᠢ ᠨᠠᠮᠠᠶᠢ ᠲᠠᠨᠢᠬᠤ ᠶᠢ ᠣᠪ ᠮᠡᠬᠡ ᠪᠡᠷ ᠢᠶᠠᠨ ᠡᠰᠡᠷᠭᠦᠴᠡᠳᠡᠭ᠂ ᠶᠣᠬᠣᠸᠠ ᠪᠢ ᠠᠢᠯᠠᠳᠴᠤ ᠪᠠᠢᠨ᠎ᠠ᠃
7 ᠲᠡᠢᠮᠦ ᠡᠴᠡ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠥᠬᠢᠨ ᠠᠷᠠᠳ ᠲᠦᠮᠡᠨ ᠢᠶᠡᠨ ᠪᠢ ᠶᠠᠭᠠᠬᠢᠬᠤ ᠶᠣᠰᠣᠲᠠᠢ ᠪᠢᠯᠡ ᠬᠠᠷᠠ᠂ ᠪᠢ ᠲᠡᠳᠡᠨ ᠢ ᠴᠡᠪᠡᠷᠰᠢᠭᠦᠯᠵᠦ᠂ ᠰᠢᠯᠭᠠᠨ᠎ᠠ
8 ᠲᠡᠳᠡᠨ ᠦ ᠬᠡᠯᠡ ᠪᠣᠯ ᠬᠣᠣᠷᠲᠤ ᠰᠤᠮᠤ ᠲᠡᠳᠡ ᠬᠤᠳᠠᠯ ᠢ ᠶᠠᠷᠢᠳᠠᠭ ᠪᠥᠭᠡᠳ ᠠᠮᠠ ᠪᠠᠷ ᠢᠶᠠᠨ ᠬᠥᠷᠰᠢ ᠳᠡᠭᠡᠨ ᠠᠮᠤᠭᠤᠯᠠᠩ ᠢ ᠶᠠᠷᠢᠳᠠᠭ ᠴᠤ ᠳᠣᠲᠣᠷ᠎ᠠ ᠪᠠᠨ ᠬᠠᠪᠬ᠎ᠠ ᠲᠠᠯᠪᠢᠳᠠᠭ᠃
9 ᠡᠢᠮᠦ ᠪᠠᠢᠬᠤ ᠳᠤ ᠪᠢ ᠲᠡᠳᠡᠨ ᠢ ᠰᠢᠳᠬᠡᠬᠦ ᠦᠭᠡᠢ ᠭᠡᠵᠢ ᠤᠤ︖〉 ᠶᠣᠬᠣᠸᠠ ᠪᠢ ᠠᠢᠯᠠᠳᠴᠤ ᠪᠠᠢᠨ᠎ᠠ᠃ 〈ᠡᠢᠮᠦ ᠦᠨᠳᠦᠰᠦᠲᠡᠨ ᠡᠴᠡ ᠪᠢ ᠥᠰᠢᠶ᠎ᠡ ᠪᠡᠨ ᠠᠪᠬᠤ ᠦᠭᠡᠢ ᠭᠡᠵᠢ ᠤᠤ︖〉
10 ᠠᠭᠤᠯᠠᠰ ᠤᠨ ᠲᠥᠯᠥᠭᠡ ᠪᠢ ᠴᠢᠷᠠᠯᠠᠨ ᠤᠬᠢᠯᠠᠵᠤ ᠵᠡᠯᠢᠭᠦᠳ ᠲᠠᠯ᠎ᠠ ᠶᠢᠨ ᠪᠡᠯᠴᠢᠭᠡᠷ ᠤᠳ ᠤᠨ ᠲᠥᠯᠥᠭᠡ ᠣᠷᠢ ᠳᠠᠭᠤ ᠲᠠᠯᠪᠢᠨ᠎ᠠ᠂ ᠤᠴᠢᠷ ᠨᠢ ᠲᠡᠨᠳᠡᠬᠢ ᠨᠢ ᠵᠡᠯᠢᠭᠦᠳ ᠪᠣᠯᠵᠤ᠂ ᠥᠩᠭᠡᠷᠡᠬᠦ ᠬᠥᠮᠦᠨ ᠦᠭᠡᠢ ᠪᠣᠯᠵᠠᠢ ᠮᠠᠯ ᠰᠦᠷᠦᠭ ᠦᠨ ᠳᠠᠭᠤ ᠴᠢᠮᠡᠭᠡ ᠰᠣᠨᠣᠰᠳᠠᠬᠤ ᠦᠭᠡᠢ ᠪᠣᠯᠵᠠᠢ ᠣᠭᠲᠠᠷᠭᠤᠢ ᠶᠢᠨ ᠰᠢᠪᠠᠭᠤᠳ᠂ ᠠᠷᠢᠶᠠᠲᠠᠨ ᠠᠮᠢᠲᠠᠳ ᠪᠦᠭᠦᠳᠡ ᠵᠢᠭᠤᠲᠠᠭᠠᠳ ᠠᠯᠠᠭ᠎ᠠ ᠪᠣᠯᠵᠠᠢ᠂
11 〈ᠶᠧᠷᠦ᠋ᠰᠠᠯᠧᠮ ᠢ ᠪᠢ ᠨᠤᠷᠠᠩᠬᠠᠢ ᠣᠪᠣᠭ᠎ᠠ᠂ ᠴᠢᠨᠣ᠎ᠠ ᠶᠢᠨ ᠡᠭᠦᠷ ᠪᠣᠯᠭᠠᠵᠤ ᠶᠦᠳᠠ ᠶᠢᠨ ᠬᠣᠲᠠ ᠨᠤᠭᠤᠳ ᠢ ᠰᠠᠭᠤᠭᠠᠯᠢᠴᠢᠳ ᠦᠭᠡᠢ ᠡᠵᠡᠭᠦᠢ ᠪᠣᠯᠭᠠᠨ᠎ᠠ〉 ᠭᠡᠪᠡ᠃

12 ᠡᠭᠦᠨ ᠢ ᠣᠢᠯᠠᠭᠠᠵᠤ ᠴᠢᠳᠠᠬᠤ ᠮᠡᠷᠭᠡᠨ ᠬᠥᠮᠦᠨ ᠬᠡᠨ ᠪᠤᠢ︖ ᠡᠭᠦᠨ ᠢ ᠲᠤᠩ᠋ᠬᠠᠭᠯᠠᠭᠤᠯᠬᠤ ᠪᠠᠷ ᠶᠣᠬᠣᠸᠠ ᠶᠢᠨ ᠠᠮᠠ ᠬᠡᠨ ᠳᠦ ᠶᠠᠷᠢᠭᠰᠠᠨ ᠪᠤᠢ︖ ᠶᠠᠭᠠᠬᠢᠭᠠᠳ ᠭᠠᠵᠠᠷ ᠨᠢ ᠰᠦᠢᠷᠡᠵᠦ᠂ ᠴᠥᠯ ᠮᠡᠲᠦ ᠡᠵᠡᠭᠦᠢᠷᠡᠨ ᠥᠩᠭᠡᠷᠡᠬᠦ ᠬᠥᠮᠦᠨ ᠦᠭᠡᠢ ᠪᠣᠯᠪᠠ︖ 13 ᠶᠣᠬᠣᠸᠠ ᠠᠢᠯᠠᠳᠴᠤ ᠪᠠᠢᠨ᠎ᠠ᠄ 〈ᠤᠴᠢᠷ ᠨᠢ ᠲᠡᠳᠡ ᠮᠢᠨᠦ ᠥᠭᠭᠥᠭᠰᠡᠨ ᠬᠠᠤᠯᠢ ᠶᠢ ᠣᠷᠬᠢᠵᠤ᠂ ᠳᠠᠭᠤ ᠶᠢ ᠮᠢᠨᠢ ᠦᠯᠦ ᠣᠢᠰᠢᠶᠠᠨ᠂ ᠬᠠᠤᠯᠢ ᠶᠢ ᠮᠢᠨᠢ ᠳᠠᠭᠠᠭ᠎ᠠ ᠦᠭᠡᠢ᠂ 14 ᠥᠪᠡᠷᠰᠡᠳ ᠦᠨ ᠢᠶᠠᠨ ᠵᠥᠷᠢᠭᠦᠳ ᠵᠠᠩ ᠢ ᠳᠠᠭᠠᠵᠤ᠂ ᠡᠴᠢᠭᠡ ᠡᠪᠦᠭᠡᠳ ᠦᠨ ᠢᠶᠠᠨ ᠵᠢᠭᠠᠭᠰᠠᠨ ᠢᠶᠠᠷ ᠪᠠᠯ ᠤᠳ ᠢ ᠳᠠᠭᠠᠭᠰᠠᠨ ᠶᠤᠮ᠂〉 15 ᠲᠡᠢᠮᠦ ᠡᠴᠡ ᠢᠰᠷᠧᠯ ᠤᠨ ᠪᠤᠷᠬᠠᠨ᠂ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠠ᠂ ᠡᠨᠡ ᠠᠷᠠᠳ ᠲᠦᠮᠡᠨ ᠢ ᠪᠢ ᠭᠠᠰᠢᠭᠤᠨ ᠢᠶᠠᠷ ᠬᠣᠭᠣᠯᠠᠯᠠᠵᠤ᠂ ᠬᠣᠣᠷᠲᠤ ᠤᠰᠤ ᠤᠤᠭᠤᠯᠭᠠᠬᠤ ᠪᠥᠭᠡᠳ 16 ᠥᠪᠡᠷᠰᠡᠳ ᠦᠨ ᠬᠢᠨᠢ ᠴᠤ᠂ ᠡᠴᠢᠭᠡ ᠡᠪᠦᠭᠡᠳ ᠦᠨ ᠬᠢᠨᠢ ᠴᠤ ᠮᠡᠳᠡᠭᠡ ᠦᠭᠡᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠨ ᠠᠷᠤ ᠠᠴᠠ ᠨᠢ ᠢᠯᠳᠦ ᠶᠠᠪᠤᠭᠤᠯᠵᠤ ᠰᠥᠨᠥᠭᠡᠨ᠎ᠡ᠂〉
17 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠲᠤᠩ᠋ᠭᠠᠨ ᠪᠣᠳᠣᠵᠤ᠂ ᠡᠮᠭᠡᠨᠢᠬᠦ ᠡᠮᠡᠭᠲᠡᠢᠴᠦᠳ ᠢ ᠳᠠᠭᠤᠳᠠᠵᠤ ᠡᠭᠦᠨ ᠳᠦ ᠠᠪᠢᠶᠠᠰ ᠲᠠᠢ ᠶᠢ ᠨᠢ ᠢᠷᠡᠭᠦᠯ
18 ᠲᠡᠳᠡ ᠶᠠᠭᠠᠷᠠᠪᠴᠢᠯᠠᠵᠤ᠂ ᠪᠢᠳᠡᠨ ᠦ ᠲᠥᠯᠥᠭᠡ ᠣᠷᠢ ᠳᠠᠭᠤ ᠲᠠᠯᠪᠢᠭ ᠨᠢᠳᠦ ᠮᠠᠨᠢ ᠨᠢᠯᠪᠤᠰᠤ ᠳᠤᠰᠤᠯᠠᠭᠤᠯᠵᠤ ᠵᠣᠪᠬᠢᠨ ᠠᠴᠠ ᠮᠢᠨᠢ ᠤᠰᠤ ᠤᠷᠤᠰᠬᠤ ᠪᠣᠯᠣᠨ᠎ᠠ᠂
19 ᠤᠴᠢᠷ ᠨᠢ ᠽᠢᠶᠣᠨ ᠠᠴᠠ ᠣᠷᠢ ᠳᠠᠭᠤ ᠰᠣᠨᠣᠰᠳᠠᠵᠤ᠄ 〈ᠪᠢᠳᠡ ᠲᠤᠢᠯᠪᠤᠷᠢᠲᠠᠢ ᠰᠦᠢᠷᠡᠵᠦ ᠶᠡᠬᠡ ᠰᠢᠪᠰᠢᠭ ᠪᠣᠯᠵᠠᠢ ᠣᠷᠣᠨ ᠰᠠᠭᠤᠴᠠ ᠨᠤᠷᠠᠭᠰᠠᠨ ᠪᠢᠳᠡ ᠨᠤᠲᠤᠭ ᠢᠶᠠᠨ ᠣᠷᠬᠢᠬᠤ ᠶᠣᠰᠣᠲᠠᠢ〉 ᠭᠡᠰᠡᠨ ᠪᠢᠯᠡ᠃
20 ᠡᠮᠡᠭᠲᠡᠢᠴᠦᠳ ᠡ᠂ ᠣᠳᠣ ᠶᠣᠬᠣᠸᠠ ᠶᠢᠨ ᠦᠭᠡ ᠶᠢ ᠰᠣᠨᠣᠰᠴᠠᠭ᠎ᠠ ᠠᠮᠠᠨ ᠠᠴᠠ ᠨᠢ ᠭᠠᠷᠬᠤ ᠦᠭᠡ ᠶᠢ ᠲᠠ ᠨᠠᠷ ᠤᠨ ᠴᠢᠬᠢ ᠬᠦᠯᠢᠶᠡᠨ ᠠᠪᠤᠭ ᠥᠬᠢᠳ ᠲᠡᠭᠡᠨ ᠣᠷᠢ ᠳᠠᠭᠤ ᠶᠢ᠂ ᠪᠡᠶ᠎ᠡ ᠪᠡᠶ᠎ᠡ ᠳᠡᠭᠡᠨ ᠤᠢ ᠭᠠᠰᠢᠭᠤ ᠶᠢ ᠵᠢᠭ᠎ᠠ᠂
21 ᠦᠬᠦᠯ ᠮᠠᠨ ᠤ ᠴᠣᠩ᠋ᠬᠣ ᠪᠠᠷ ᠠᠪᠠᠷᠢᠨ᠂ ᠣᠷᠳᠣᠨ ᠳᠤ ᠮᠢᠨᠢ ᠣᠷᠣᠵᠤ ᠭᠤᠳᠤᠮᠵᠢ ᠡᠴᠡ ᠪᠠᠭᠠᠴᠤᠳ ᠢ᠂ ᠲᠠᠯᠠᠪᠠᠢ ᠠᠴᠠ ᠵᠠᠯᠠᠭᠤᠴᠤᠳ ᠢ ᠤᠰᠠᠳᠬᠠᠬᠤ ᠭᠡᠵᠦ ᠪᠠᠢᠨ᠎ᠠ᠂
22 ᠶᠠᠷᠢ᠂ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠥᠮᠦᠰ ᠦᠨ ᠬᠡᠭᠦᠷ ᠬᠡᠭᠡᠷ᠎ᠡ ᠲᠠᠯ᠎ᠠ ᠳᠠᠬᠢ ᠠᠷᠭᠠᠯ ᠮᠡᠲᠦ ᠬᠠᠳᠤᠭᠴᠢ ᠶᠢᠨ ᠦᠯᠡᠳᠡᠭᠡᠭᠰᠡᠨ ᠶᠡᠦᠵᠢ ᠮᠡᠲᠦ ᠬᠦᠭᠯᠡᠷᠡᠭᠰᠡᠨ ᠠᠲᠠᠯ᠎ᠠ ᠬᠤᠷᠢᠶᠠᠬᠤ ᠬᠥᠮᠦᠨ ᠠᠯᠠᠭ᠎ᠠ ᠪᠠᠢᠬᠤ ᠪᠣᠯᠣᠨ᠎ᠠ᠂〉 〉

23 ᠶᠣᠬᠣᠸᠠ ᠡᠢᠨ ᠬᠦ ᠠᠢᠯᠠᠳᠴᠤ ᠪᠠᠢᠨ᠎ᠠ᠄ ᠮᠡᠷᠭᠡᠨ ᠬᠥᠮᠦᠨ ᠮᠡᠷᠭᠡᠨ ᠢᠶᠡᠷ ᠢᠶᠠᠨ ᠪᠦᠦ ᠰᠠᠢᠷᠠᠬᠠᠭ᠂ ᠬᠦᠴᠦᠲᠡᠨ ᠬᠦᠴᠦ ᠪᠡᠷ ᠢᠶᠠᠨ ᠪᠦᠦ ᠰᠠᠢᠷᠬᠠᠭ᠂ ᠪᠠᠶᠠᠨ ᠨᠢ ᠪᠠᠶᠠᠯᠢᠭ ᠢᠶᠠᠷ ᠢᠶᠠᠨ ᠪᠦᠦ ᠰᠠᠢᠷᠬᠠᠭ᠃ 24 ᠰᠠᠢᠷᠬᠠᠭᠴᠢ ᠨᠢ ᠭᠢᠷᠠᠬᠠᠢ ᠪᠠᠢᠵᠤ᠂ ᠨᠠᠮᠠᠶᠢ ᠲᠠᠨᠢᠳᠠᠭ ᠢᠶᠠᠷ᠂ 〈ᠶᠣᠬᠣᠸᠠ ᠪᠣᠯ ᠡᠨᠡᠷᠢᠯ᠂ ᠵᠥᠪ ᠪᠣᠯᠣᠨ ᠰᠢᠳᠤᠷᠭᠤ ᠶᠢ ᠲᠠᠭᠠᠯᠠᠵᠤ᠂ ᠡᠳᠡᠭᠡᠷ ᠢ ᠭᠠᠵᠠᠷ ᠳᠡᠭᠡᠷ᠎ᠡ ᠦᠢᠯᠡᠳᠳᠡᠭ ᠨᠢᠭᠡᠨ〉 ᠭᠡᠳᠡᠭ ᠢᠶᠡᠷ ᠰᠠᠢᠷᠬᠠᠭ᠂ ᠶᠣᠬᠣᠸᠠ ᠪᠢ ᠠᠢᠯᠠᠳᠴᠤ ᠪᠠᠢᠨ᠎ᠠ᠃

25 ᠶᠣᠬᠣᠸᠠ ᠪᠢ ᠠᠢᠯᠠᠳᠴᠤ ᠪᠠᠢᠨ᠎ᠠ᠄ 〈ᠬᠠᠷᠠ᠂ ᠮᠢᠨᠦ ᠰᠢᠳᠬᠡᠬᠦ ᠡᠳᠦᠷ ᠤᠳ ᠢᠷᠡᠵᠦ ᠪᠠᠢᠨ᠎ᠠ᠂ ᠲᠡᠭᠡᠬᠦ ᠳᠦ ᠪᠢ ᠬᠥᠪᠴᠢᠷᠬᠡᠢ ᠬᠥᠨᠳᠡᠭᠦᠯᠦᠭᠰᠡᠨ᠂ ᠬᠥᠪᠴᠢᠷᠬᠡᠢ ᠬᠥᠨᠳᠡᠭᠦᠯᠦᠭᠡ ᠦᠭᠡᠢ ᠪᠦᠭᠦᠳᠡ ᠶᠢ᠂ 26 ᠲᠤᠬᠠᠢᠯᠠᠪᠠᠯ ᠶᠧᠵᠢᠫᠲ᠂ ᠶᠦᠳᠠ᠂ ᠡᠳᠣᠮ᠂ ᠠᠮᠣᠨ᠂ ᠮᠣᠶᠠᠪ ᠪᠣᠯᠣᠨ ᠬᠣᠯᠠ ᠶᠢᠨ ᠴᠥᠯ ᠳᠤ ᠰᠠᠭᠤᠳᠠᠭ ᠪᠦᠭᠦᠳᠡ ᠶᠢ ᠬᠠᠮᠲᠤ ᠰᠢᠳᠬᠡᠨ᠎ᠡ᠃ ᠤᠴᠢᠷ ᠨᠢ ᠲᠡᠳᠡᠭᠡᠷ ᠦᠨᠳᠦᠰᠦᠲᠡᠨ ᠬᠥᠪᠴᠢᠷᠬᠡᠢ ᠬᠥᠨᠳᠡᠭᠦᠯᠦᠭᠡ ᠦᠭᠡᠢ ᠪᠣᠯ᠂ ᠢᠰᠷᠧᠯ ᠤᠨ ᠪᠦᠬᠦ ᠭᠡᠷ ᠦᠨ ᠬᠢᠨ ᠵᠢᠷᠦᠬᠡᠨ ᠦ ᠪᠠᠨ ᠬᠥᠪᠴᠢᠷᠬᠡᠢ ᠶᠢ ᠬᠥᠨᠳᠡᠭᠦᠯᠦᠭᠡ ᠦᠭᠡᠢ ᠠᠵᠢ᠃〉