1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠭᠤᠴᠢᠨ ᠳᠥᠷᠪᠡ
 ᠽᠧᠳᠧᠺᠢᠶ᠎ᠠ ᠳᠤ ᠥᠭᠭᠥᠭᠰᠡᠨ ᠰᠠᠨᠠᠭᠤᠯᠭ᠎ᠠ

1 ᠪᠠᠪᠢᠯᠣᠨ ᠤ ᠬᠠᠭᠠᠨ ᠨᠧᠪᠦ᠋ᠺᠠᠨᠧᠽᠠᠷ᠂ ᠲᠡᠭᠦᠨ ᠦ ᠪᠦᠬᠦ ᠴᠡᠷᠢᠭ ᠪᠣᠯᠣᠨ ᠲᠡᠭᠦᠨ ᠦ ᠵᠠᠬᠢᠷᠭᠠᠨ ᠳᠣᠣᠷᠠᠬᠢ ᠭᠠᠵᠠᠷ ᠤᠨ ᠪᠦᠬᠦ ᠤᠯᠤᠰ ᠦᠨᠳᠦᠰᠦᠲᠡᠨ ᠶᠧᠷᠦ᠋ᠰᠠᠯᠧᠮ ᠪᠣᠯᠣᠨ ᠡᠷᠭᠢᠨ ᠲᠣᠭᠣᠷᠢᠨ ᠤ ᠬᠢᠨᠢ ᠪᠦᠬᠦ ᠬᠣᠲᠠ ᠶᠢ ᠳᠠᠭᠠᠷᠢᠵᠤ ᠪᠠᠢᠬᠤ ᠦᠶ᠎ᠡ ᠳᠦ᠂ ᠶᠧᠷᠧᠮᠢᠶ᠎ᠠ ᠳᠤ ᠶᠣᠬᠣᠸᠠ ᠠᠴᠠ ᠦᠭᠡ ᠢᠷᠡᠪᠡ᠄ 2 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠂ ᠴᠢ ᠶᠦᠳᠠ ᠶᠢᠨ ᠬᠠᠭᠠᠨ ᠽᠧᠳᠧᠺᠢᠶ᠎ᠠ ᠳᠡᠭᠡᠷ᠎ᠡ ᠣᠴᠢᠵᠤ᠂ ᠲᠡᠭᠦᠨ ᠳᠦ᠄ 〈ᠶᠣᠬᠣᠸᠠ ᠡᠢᠨ ᠬᠦ ᠠᠢᠯᠠᠳᠴᠤ ᠪᠠᠢᠨ᠎ᠠ᠂ ᠬᠠᠷᠠ᠂ ᠪᠢ ᠡᠨᠡ ᠬᠣᠲᠠ ᠶᠢ ᠪᠠᠪᠢᠯᠣᠨ ᠤ ᠬᠠᠭᠠᠨ ᠤ ᠭᠠᠷ ᠲᠤ ᠥᠭᠬᠦ ᠭᠡᠵᠦ ᠪᠠᠢᠨ᠎ᠠ᠃ ᠲᠡᠷᠡ ᠪᠡᠷ ᠡᠨᠡ ᠬᠣᠲᠠ ᠶᠢ ᠭᠠᠯ ᠢᠶᠠᠷ ᠰᠢᠲᠠᠭᠠᠨ᠎ᠠ᠃ 3 ᠴᠢ ᠲᠡᠭᠦᠨ ᠦ ᠭᠠᠷ ᠠᠴᠠ ᠮᠤᠯᠲᠤᠷᠠᠬᠤ ᠦᠭᠡᠢ᠃ ᠯᠠᠪᠲᠠᠢ ᠪᠠᠷᠢᠭᠳᠠᠵᠤ᠂ ᠲᠡᠭᠦᠨ ᠳᠦ ᠲᠤᠰᠢᠶᠠᠭᠳᠠᠨ᠂ ᠲᠡᠭᠦᠨ ᠲᠡᠢ ᠨᠢᠳᠦ ᠨᠢᠳᠦ ᠪᠡᠨ᠂ ᠨᠢᠭᠤᠷ ᠨᠢᠭᠤᠷ ᠢᠶᠠᠨ ᠬᠠᠷᠠᠨ ᠶᠠᠷᠢᠯᠴᠠᠭᠰᠠᠨ ᠤ ᠳᠠᠷᠠᠭ᠎ᠠ ᠪᠠᠪᠢᠯᠣᠨ ᠤᠷᠤᠭᠤ ᠶᠠᠪᠤᠬᠤ ᠪᠣᠯᠣᠨ᠎ᠠ᠂〉 4 ᠭᠡᠪᠡᠴᠦ ᠶᠦᠳᠠ ᠶᠢᠨ ᠬᠠᠭᠠᠨ ᠽᠧᠳᠧᠺᠢᠶ᠎ᠠ ᠡ᠂ ᠶᠣᠬᠣᠸᠠ ᠶᠢᠨ ᠦᠭᠡ ᠶᠢ ᠰᠣᠨᠣᠰᠣᠭᠲᠤᠨ︕ ᠶᠣᠬᠣᠸᠠ ᠴᠢᠨᠦ ᠲᠠᠯ᠎ᠠ ᠪᠠᠷ ᠡᠢᠨ ᠬᠦ ᠠᠢᠯᠠᠳᠴᠤ ᠪᠠᠢᠨ᠎ᠠ᠄ 〈ᠴᠢ ᠢᠯᠳᠦ ᠪᠡᠷ ᠦᠬᠦᠬᠦ ᠦᠭᠡᠢ᠂ 5 ᠠᠮᠤᠷ ᠲᠠᠢᠪᠤᠩ ᠦᠬᠦᠨ᠎ᠡ᠃ ᠬᠥᠮᠦᠰ ᠴᠢᠨᠦ ᠡᠮᠦᠨᠡᠬᠢ ᠬᠠᠭᠠᠳ᠂ ᠴᠢᠨᠦ ᠡᠴᠢᠭᠡ ᠡᠪᠦᠭᠡᠳ ᠦᠨ ᠣᠷᠣᠰᠢᠭᠤᠯᠭ᠎ᠠ ᠲᠤ ᠵᠣᠷᠢᠭᠤᠯᠵᠤ ᠤᠳᠤᠯᠭ᠎ᠠ ᠤᠭᠤᠭᠢᠭᠤᠯᠤᠭᠰᠠᠨ ᠰᠢᠭ᠋ ᠢᠶᠠᠨ ᠴᠢᠨᠦ ᠲᠥᠯᠥᠭᠡ ᠮᠥᠨ ᠤᠳᠤᠯᠭ᠎ᠠ ᠤᠭᠤᠭᠢᠭᠤᠯᠤᠨ᠂ 〈ᠥ᠂ ᠡᠵᠡᠨ ᠡ〉 ᠭᠡᠵᠦ ᠭᠠᠰᠢᠭᠤᠳᠠᠬᠤ ᠪᠣᠯᠣᠨ᠎ᠠ᠃ ᠪᠢ ᠥᠪᠡᠷ ᠢᠶᠡᠨ ᠡᠭᠦᠨ ᠢ ᠠᠮᠠᠯᠠᠶ᠎ᠠ᠂ ᠶᠣᠬᠣᠸᠠ ᠠᠢᠯᠠᠳᠴᠤ ᠪᠠᠢᠨ᠎ᠠ〉 ᠭᠡᠵᠦ ᠬᠡᠯᠡ᠃》

6 ᠡᠰᠢ ᠦᠵᠡᠭᠦᠯᠦᠭᠴᠢ ᠶᠧᠷᠧᠮᠢᠶ᠎ᠠ ᠡᠳᠡᠭᠡᠷ ᠪᠦᠬᠦ ᠦᠭᠡ ᠶᠢ ᠶᠧᠷᠦ᠋ᠰᠠᠯᠧᠮ ᠳᠠᠬᠢ ᠶᠦᠳᠠ ᠶᠢᠨ ᠬᠠᠭᠠᠨ ᠽᠧᠳᠧᠺᠢᠶ᠎ᠠ ᠳᠤ ᠬᠡᠯᠡᠪᠡ᠃ 7 ᠲᠡᠷᠡ ᠦᠶ᠎ᠡ ᠳᠦ ᠪᠠᠪᠢᠯᠣᠨ ᠤ ᠬᠠᠭᠠᠨ ᠤ ᠴᠡᠷᠢᠭ ᠤᠳ ᠶᠧᠷᠦ᠋ᠰᠠᠯᠧᠮ ᠪᠣᠯᠣᠨ ᠯᠠᠺᠢᠱ᠂ ᠠᠽᠧᠺᠠ ᠵᠡᠷᠭᠡ ᠶᠦᠳᠠ ᠶᠢᠨ ᠦᠯᠡᠳᠡᠭᠰᠡᠨ ᠪᠦᠬᠦ ᠬᠣᠲᠠ ᠶᠢ ᠳᠠᠭᠠᠷᠢᠵᠤ ᠪᠠᠢᠪᠠ᠃ ᠶᠦᠳᠠ ᠳᠤ ᠡᠳᠡᠭᠡᠷ ᠪᠡᠬᠢᠯᠡᠯᠲᠡᠲᠦ ᠬᠣᠲᠠ ᠨᠤᠭᠤᠳ ᠯᠠ ᠦᠯᠡᠳᠡᠵᠦ ᠪᠠᠢᠯ᠎ᠠ᠃
 ᠪᠣᠭᠣᠯ ᠢ ᠴᠢᠯᠥᠭᠡᠯᠡᠬᠦ ᠶᠢ ᠢᠳᠬᠠᠪᠠ

8 ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠃ ᠡᠭᠦᠨ ᠦ ᠡᠮᠦᠨ᠎ᠡ ᠽᠧᠳᠧᠺᠢᠶ᠎ᠠ ᠶᠧᠷᠦ᠋ᠰᠠᠯᠧᠮ ᠤᠨ ᠪᠦᠬᠦ ᠠᠷᠠᠳ ᠲᠦᠮᠡᠨ ᠲᠡᠢ ᠭᠡᠷ᠎ᠡ ᠪᠠᠢᠭᠤᠯᠵᠤ᠂ ᠪᠣᠭᠣᠯ ᠤᠳ ᠢ ᠴᠢᠯᠥᠭᠡᠯᠡᠬᠦ ᠶᠢ ᠲᠤᠩ᠋ᠬᠠᠭᠯᠠᠭᠰᠠᠨ ᠪᠠᠢᠯ᠎ᠠ᠃ 9 ᠬᠥᠮᠦᠨ ᠪᠦᠷᠢ ᠡᠷᠡᠭᠲᠡᠢ ᠡᠮᠡᠭᠲᠡᠢ ᠢᠪᠷᠠᠢ ᠪᠣᠭᠣᠯ ᠢᠶᠠᠨ ᠪᠦᠬᠦᠨ ᠢ ᠴᠢᠯᠥᠭᠡᠯᠡᠬᠦ ᠶᠣᠰᠣᠲᠠᠢ᠂ ᠬᠡᠨ ᠴᠤ ᠠᠬ᠎ᠠ ᠳᠡᠭᠦᠦ ᠶᠦᠳᠠᠢ ᠬᠥᠮᠦᠨ ᠢᠶᠡᠨ ᠪᠣᠭᠣᠯᠴᠢᠯᠠᠵᠤ ᠪᠣᠯᠬᠤ ᠦᠭᠡᠢ ᠪᠠᠢᠪᠠ᠃ 10 ᠡᠨᠡ ᠭᠡᠷ᠎ᠡ ᠳᠦ ᠣᠷᠣᠯᠴᠠᠭᠰᠠᠨ ᠲᠦᠰᠢᠮᠡᠳ ᠪᠣᠯᠣᠨ ᠠᠷᠠᠳ ᠣᠯᠠᠨ ᠤ ᠬᠥᠮᠦᠨ ᠪᠦᠷᠢ ᠡᠷᠡᠭᠲᠡᠢ ᠡᠮᠡᠭᠲᠡᠢ ᠪᠣᠭᠣᠯ ᠢᠶᠠᠨ ᠪᠣᠭᠣᠯᠴᠢᠯᠠᠬᠤ ᠪᠠᠨ ᠪᠣᠯᠢᠵᠤ᠂ ᠲᠡᠳᠡᠨ ᠢ ᠴᠢᠯᠥᠭᠡᠯᠡᠬᠦ ᠶᠢ ᠵᠥᠪᠰᠢᠶᠡᠷᠡᠵᠦ ᠲᠡᠢᠨ ᠬᠦ ᠴᠢᠯᠥᠭᠡᠯᠡᠪᠡ᠃ 11 ᠳᠠᠷᠠᠭ᠎ᠠ ᠨᠢ ᠲᠡᠳᠡ ᠰᠠᠨᠠᠭ᠎ᠠ ᠪᠠᠨ ᠥᠭᠡᠷᠡᠴᠢᠯᠡᠵᠦ᠂ ᠴᠢᠯᠥᠭᠡᠯᠡᠭᠰᠡᠨ ᠡᠷᠡᠭᠲᠡᠢ ᠡᠮᠡᠭᠲᠡᠢ ᠪᠣᠭᠣᠯ ᠤᠳ ᠢᠶᠠᠨ ᠪᠤᠴᠠᠭᠠᠨ ᠢᠷᠡᠭᠦᠯᠵᠦ᠂ ᠳᠠᠬᠢᠨ ᠪᠣᠭᠣᠯᠴᠢᠯᠠᠯ ᠳᠤ ᠣᠷᠣᠭᠤᠯᠵᠠᠢ᠃ ᠶᠠᠭ ᠲᠡᠷᠡ ᠦᠶ᠎ᠡ ᠳᠦ᠂ 12 ᠶᠣᠬᠣᠸᠠ ᠶᠢᠨ ᠦᠭᠡ ᠶᠧᠷᠧᠮᠢᠶ᠎ᠠ ᠳᠤ ᠢᠷᠡᠭᠰᠡᠨ ᠪᠠᠢᠵᠠᠢ᠃ 13 ᠲᠡᠷᠡ ᠪᠡᠷ᠄ 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠲᠠ ᠨᠠᠷ ᠤᠨ ᠡᠴᠢᠭᠡ ᠡᠪᠦᠭᠡᠳ ᠢ ᠶᠧᠵᠢᠫᠲ ᠤᠨ ᠪᠣᠭᠣᠯᠴᠢᠯᠠᠯ ᠤᠨ ᠭᠡᠷ ᠡᠴᠡ ᠭᠠᠷᠭᠠᠬᠤ ᠦᠶ᠎ᠡ ᠳᠡᠭᠡᠨ ᠲᠡᠳᠡᠨ ᠲᠡᠢ ᠭᠡᠷ᠎ᠡ ᠪᠠᠢᠭᠤᠯᠵᠤ᠂ 14 ᠳᠣᠯᠣᠭᠠᠨ ᠵᠢᠯ ᠪᠣᠯᠭᠠᠨ ᠳᠤ ᠲᠠ ᠨᠠᠷ ᠤᠨ ᠬᠥᠮᠦᠨ ᠪᠦᠷᠢ ᠥᠪᠡᠷ ᠲᠦ ᠴᠢᠨᠢ ᠬᠤᠳᠠᠯᠳᠤᠭᠳᠠᠭᠰᠠᠨ ᠠᠬ᠎ᠠ ᠳᠡᠭᠦᠦ ᠢᠪᠷᠠᠢ ᠬᠥᠮᠦᠨ ᠢᠶᠡᠨ ᠴᠢᠯᠥᠭᠡᠯᠡ᠂ ᠲᠡᠷᠡ ᠪᠡᠷ ᠵᠢᠷᠭᠤᠭᠠᠨ ᠵᠢᠯ ᠴᠢᠮ᠎ᠠ ᠲᠤ ᠦᠢᠯᠡᠴᠢᠯᠡᠭᠰᠡᠨ ᠪᠣᠯ᠂ ᠴᠢ ᠲᠡᠭᠦᠨ ᠢ ᠴᠢᠯᠥᠭᠡᠯᠡᠵᠦ ᠶᠠᠪᠤᠭᠤᠯᠬᠤ ᠶᠣᠰᠣᠲᠠᠢ ᠭᠡᠵᠦ ᠬᠡᠯᠡᠭᠰᠡᠨ᠃ ᠭᠡᠪᠡᠴᠦ ᠲᠠ ᠨᠠᠷ ᠤᠨ ᠡᠴᠢᠭᠡ ᠡᠪᠦᠭᠡᠳ ᠮᠢᠨᠦᠬᠢ ᠶᠢ ᠴᠢᠬᠢ ᠲᠠᠯᠪᠢᠨ ᠰᠣᠨᠣᠰᠣᠭ᠎ᠠ ᠦᠭᠡᠢ᠃ 15 ᠬᠠᠷᠢᠨ ᠡᠨᠡ ᠦᠶ᠎ᠡ ᠶᠢᠨ ᠲᠠ ᠨᠠᠷ ᠵᠠᠮ ᠠᠴᠠ ᠪᠠᠨ ᠡᠷᠭᠢᠵᠦ᠂ ᠮᠢᠨᠦ ᠡᠮᠦᠨ᠎ᠡ ᠵᠥᠪ ᠢ ᠦᠢᠯᠡᠳᠦᠨ᠂ ᠬᠥᠮᠦᠨ ᠪᠦᠷᠢ ᠬᠥᠷᠰᠢ ᠳᠡᠭᠡᠨ ᠡᠷᠬᠡ ᠴᠢᠯᠥᠭᠡ ᠶᠢ ᠲᠤᠩ᠋ᠬᠠᠭᠯᠠᠵᠤ᠂ ᠮᠢᠨᠦ ᠨᠡᠷ᠎ᠡ ᠪᠡᠷ ᠨᠡᠷᠡᠯᠡᠭᠳᠡᠳᠡᠭ ᠥᠷᠭᠥᠭᠡᠨ ᠳᠦ ᠮᠢᠨᠦ ᠡᠮᠦᠨ᠎ᠡ ᠭᠡᠷ᠎ᠡ ᠪᠠᠢᠭᠤᠯᠤᠭᠰᠠᠨ᠃ 16 ᠣᠳᠣ ᠲᠠ ᠨᠠᠷ ᠰᠠᠨᠠᠭ᠎ᠠ ᠪᠠᠨ ᠥᠭᠡᠷᠡᠴᠢᠯᠡᠨ᠂ ᠮᠢᠨᠦ ᠨᠡᠷ᠎ᠡ ᠶᠢ ᠭᠤᠲᠤᠭᠠᠵᠤ᠂ ᠬᠥᠮᠦᠨ ᠪᠦᠷᠢ ᠴᠢᠨᠢ ᠬᠦᠰᠡᠭᠰᠡᠨ ᠢᠶᠡᠷ ᠨᠢ ᠴᠢᠯᠥᠭᠡᠯᠡᠭᠰᠡᠨ ᠡᠷᠡᠭᠲᠡᠢ ᠡᠮᠡᠭᠲᠡᠢ ᠪᠣᠭᠣᠯ ᠢᠶᠠᠨ ᠪᠤᠴᠠᠭᠠᠨ ᠢᠷᠡᠭᠦᠯᠵᠦ᠂ ᠳᠠᠬᠢᠨ ᠪᠣᠭᠣᠯᠴᠢᠯᠠᠯ ᠳᠤ ᠣᠷᠣᠭᠤᠯᠤᠨ ᠡᠷᠡᠭᠲᠡᠢ ᠡᠮᠡᠭᠲᠡᠢ ᠪᠣᠭᠣᠯ ᠪᠣᠯᠭᠠᠭᠰᠠᠨ ᠪᠠᠢᠨ᠎ᠠ᠃ 17 ᠲᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ ᠲᠠ ᠨᠠᠷ 〈ᠬᠥᠮᠦᠨ ᠪᠦᠷᠢ ᠥᠪᠡᠷ ᠦᠨ ᠢᠶᠠᠨ ᠠᠬ᠎ᠠ ᠳᠡᠭᠦᠦ᠂ ᠥᠪᠡᠷ ᠦᠨ ᠢᠶᠠᠨ ᠬᠥᠷᠰᠢ ᠳᠤ ᠡᠷᠬᠡ ᠴᠢᠯᠥᠭᠡ ᠶᠢ ᠲᠤᠩ᠋ᠬᠠᠭᠯᠠ〉 ᠭᠡᠰᠡᠨ ᠢ ᠮᠢᠨᠢ ᠳᠠᠭᠠᠭᠰᠠᠨ ᠦᠭᠡᠢ᠃ ᠠᠩ᠋ᠬᠠᠷᠤᠭᠲᠤᠨ᠂ ᠪᠢ ᠲᠠ ᠨᠠᠷ ᠲᠤ ᠢᠯᠳᠦ᠂ ᠲᠠᠬᠤᠯ ᠪᠣᠯᠣᠨ ᠥᠯᠥᠰᠬᠥᠯᠡᠩ ᠳᠤ ᠣᠷᠣᠬᠤ ᠡᠷᠬᠡ ᠴᠢᠯᠥᠭᠡ ᠶᠢ ᠲᠤᠩ᠋ᠬᠠᠭᠯᠠᠵᠤ ᠪᠠᠢᠨ᠎ᠠ᠃ ᠶᠣᠬᠣᠸᠠ ᠠᠢᠯᠠᠳᠴᠤ ᠪᠠᠢᠨ᠎ᠠ᠃ ᠪᠢ ᠲᠠ ᠨᠠᠷ ᠢ ᠭᠠᠵᠠᠷ ᠳᠡᠯᠡᠬᠡᠢ ᠶᠢᠨ ᠪᠦᠬᠦ ᠬᠠᠭᠠᠨᠴᠢᠯᠠᠯ ᠤᠨ ᠵᠢᠭᠰᠢᠭᠦᠷᠢ ᠪᠣᠯᠭᠠᠨ᠎ᠠ᠂〉 18 〈ᠲᠤᠭᠤᠯ ᠢ ᠬᠣᠶᠠᠷ ᠬᠡᠰᠡᠭ ᠰᠠᠯᠭᠠᠵᠤ᠂ ᠬᠣᠶᠠᠷ ᠬᠡᠰᠡᠭ ᠦᠨ ᠳᠤᠮᠳᠠᠭᠤᠷ ᠥᠩᠭᠡᠷᠡᠨ᠂ ᠮᠢᠨᠦ ᠡᠮᠦᠨ᠎ᠡ ᠭᠡᠷ᠎ᠡ ᠪᠠᠢᠭᠤᠯᠤᠭᠰᠠᠨ ᠠᠲᠠᠯ᠎ᠠ ᠪᠠᠨ ᠲᠡᠷᠡ ᠭᠡᠷ᠎ᠡ ᠶᠢᠨ ᠦᠭᠡᠰ ᠢ ᠦᠯᠦ ᠬᠡᠷᠡᠭᠵᠢᠭᠦᠯᠦᠨ ᠭᠡᠷ᠎ᠡ ᠶᠢ ᠮᠢᠨᠢ ᠵᠥᠷᠢᠴᠡᠭᠰᠡᠨ ᠲᠡᠷᠡ ᠬᠥᠮᠦᠰ ᠢ ᠪᠢ ᠥᠨᠥᠬᠢ ᠲᠤᠭᠤᠯ ᠰᠢᠭ᠋ ᠪᠣᠯᠭᠠᠨ᠎ᠠ᠃ 19 ᠬᠤᠪᠢᠶᠠᠭᠳᠠᠭᠰᠠᠨ ᠲᠤᠭᠤᠯ ᠤᠨ ᠳᠤᠮᠳᠠᠭᠤᠷ ᠥᠩᠭᠡᠷᠡᠭᠰᠡᠨ ᠶᠦᠳᠠ ᠶᠢᠨ ᠲᠦᠰᠢᠮᠡᠳ᠂ ᠶᠧᠷᠦ᠋ᠰᠠᠯᠧᠮ ᠤᠨ ᠲᠦᠰᠢᠮᠡᠳ᠂ ᠣᠷᠳᠣᠨ ᠤ ᠲᠦᠰᠢᠮᠡᠳ᠂ ᠲᠠᠬᠢᠯᠴᠢᠳ ᠪᠣᠯᠣᠨ ᠡᠨᠡ ᠭᠠᠵᠠᠷ ᠤᠨ ᠪᠦᠬᠦ ᠠᠷᠠᠳ ᠲᠦᠮᠡᠨ ᠢ 20 ᠪᠢ ᠠᠮᠢ ᠶᠢ ᠨᠢ ᠡᠷᠢᠳᠡᠭ ᠳᠠᠢᠰᠤᠨ ᠨᠤᠭᠤᠳ ᠤᠨ ᠬᠢᠨᠢ ᠭᠠᠷ ᠲᠤ ᠲᠤᠰᠢᠶᠠᠬᠤ ᠲᠤᠯᠠ ᠲᠡᠳᠡᠨ ᠦ ᠬᠡᠭᠦᠷ ᠲᠩᠷᠢ ᠶᠢᠨ ᠰᠢᠪᠠᠭᠤᠳ ᠪᠣᠯᠣᠨ ᠭᠠᠵᠠᠷ ᠤᠨ ᠠᠷᠢᠶᠠᠲᠠᠳ ᠤᠨ ᠢᠳᠡᠰᠢ ᠪᠣᠯᠣᠨ᠎ᠠ᠃ 21 ᠲᠡᠢᠨ ᠬᠦ ᠪᠢ ᠶᠦᠳᠠ ᠶᠢᠨ ᠬᠠᠭᠠᠨ ᠽᠧᠳᠧᠺᠢᠶ᠎ᠠ ᠪᠣᠯᠣᠨ ᠲᠡᠭᠦᠨ ᠦ ᠲᠦᠰᠢᠮᠡᠳ ᠢ ᠲᠡᠳᠡᠨ ᠦ ᠠᠮᠢ ᠶᠢ ᠡᠷᠢᠳᠡᠭ ᠳᠠᠢᠰᠤᠨ ᠨᠤᠭᠤᠳ ᠤᠨ ᠬᠢᠨᠢ ᠭᠠᠷ ᠲᠤ᠂ ᠲᠠᠨ ᠤ ᠲᠡᠨᠳᠡ ᠡᠴᠡ ᠤᠬᠤᠷᠢᠭᠰᠠᠨ ᠪᠠᠪᠢᠯᠣᠨ ᠤ ᠬᠠᠭᠠᠨ ᠤ ᠴᠡᠷᠢᠭ ᠤᠳ ᠤᠨ ᠭᠠᠷ ᠲᠤ ᠲᠤᠰᠢᠶᠠᠨ᠎ᠠ᠃ 22 ᠶᠣᠬᠣᠸᠠ ᠠᠢᠯᠠᠳᠴᠤ ᠪᠠᠢᠨ᠎ᠠ᠃ ᠬᠠᠷᠠ᠂ ᠪᠢ ᠵᠠᠷᠯᠢᠭ ᠭᠠᠷᠭᠠᠵᠤ ᠲᠡᠳᠡᠨ ᠢ ᠡᠨᠡ ᠬᠣᠲᠠ ᠤᠷᠤᠭᠤ ᠪᠤᠴᠠᠭᠠᠵᠤ ᠠᠪᠴᠢᠷᠠᠨ᠎ᠠ᠃ ᠲᠡᠳᠡ ᠲᠤᠯᠤᠯᠳᠤᠵᠤ᠂ ᠬᠣᠲᠠ ᠶᠢ ᠡᠵᠡᠯᠡᠨ ᠠᠪᠤᠭᠠᠳ ᠭᠠᠯᠳᠠᠨ ᠰᠢᠲᠠᠭᠠᠨ᠎ᠠ᠃ ᠲᠡᠢᠨ ᠬᠦ ᠪᠢ ᠶᠦᠳᠠ ᠶᠢᠨ ᠬᠣᠲᠠ ᠲᠣᠰᠬᠣᠳ ᠢ ᠰᠠᠭᠤᠭᠠᠯᠢᠴᠢᠳ ᠦᠭᠡᠢ ᠵᠡᠯᠢᠭᠦᠳ ᠭᠠᠵᠠᠷ ᠪᠣᠯᠭᠠᠨ᠎ᠠ〉》 ᠭᠡᠵᠡᠢ᠃