ᠶᠧᠷᠧᠮᠢᠶ᠎ᠠ ᠠᠷᠪᠠ ᠶᠢᠰᠦ
ᠡᠪᠳᠡᠷᠡᠭᠰᠡᠨ ᠸᠠᠭᠠᠷ ᠰᠠᠪᠠ ᠡᠪᠳᠡᠷᠡᠬᠦ ᠶᠧᠷᠦ᠋ᠰᠠᠯᠧᠮ
1 ᠶᠣᠬᠣᠸᠠ ᠡᠢᠨ ᠬᠦ ᠠᠢᠯᠠᠳᠪᠠ᠄ 《ᠴᠢ ᠸᠠᠭᠠᠷᠴᠢᠨ ᠤ ᠳᠤ ᠣᠴᠢᠵᠤ᠂ ᠰᠢᠪᠠᠷ ᠸᠠᠭᠠᠷ ᠬᠤᠳᠠᠯᠳᠤᠨ ᠠᠪ᠃ ᠠᠷᠠᠳ ᠲᠦᠮᠡᠨ ᠦ ᠠᠬᠠᠮᠠᠳ ᠤᠳ᠂ ᠮᠥᠨ ᠠᠬᠠᠯᠠᠬᠤ ᠲᠠᠬᠢᠯᠴᠢᠳ ᠤᠨ ᠵᠠᠷᠢᠮ ᠢ ᠨᠢ ᠳᠠᠭᠠᠭᠤᠯᠤᠨ 2 ᠱᠠᠵᠠᠩ ᠤᠨ ᠬᠡᠯᠲᠡᠷᠬᠡᠢ ᠭᠡᠳᠡᠭ ᠬᠠᠭᠠᠯᠭᠠᠨ ᠤ ᠣᠷᠣᠬᠤ ᠡᠭᠦᠳᠡᠨ ᠦ ᠣᠢᠷ᠎ᠠ ᠪᠤᠢ ᠪᠧᠨ ᠾᠢᠨᠣᠮ ᠤᠨ ᠬᠥᠨᠳᠡᠢ ᠳᠦ ᠣᠴᠢᠵᠤ᠂ ᠮᠢᠨᠦ ᠴᠢᠮ᠎ᠠ ᠳᠤ ᠬᠡᠯᠡᠬᠦ ᠦᠭᠡᠰ ᠢ ᠲᠡᠨᠳᠡ ᠲᠤᠩ᠋ᠬᠠᠭᠯᠠ᠄ 3 ᠶᠦᠳᠠ ᠶᠢᠨ ᠬᠠᠭᠠᠳ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠡ᠂ ᠶᠣᠬᠣᠸᠠ ᠶᠢᠨ ᠦᠭᠡ ᠶᠢ ᠰᠣᠨᠣᠰᠴᠠᠭ᠎ᠠ᠃ ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠡᠨᠡ ᠭᠠᠵᠠᠷ ᠳᠡᠭᠡᠷ᠎ᠡ ᠭᠠᠢ ᠭᠠᠮᠰᠢᠭ ᠢ ᠪᠠᠭᠤᠯᠭᠠᠬᠤ ᠭᠡᠵᠦ ᠪᠠᠢᠨ᠎ᠠ᠂ ᠡᠭᠦᠨ ᠢ ᠰᠣᠨᠣᠰᠣᠭᠰᠠᠨ ᠬᠥᠮᠦᠨ ᠪᠦᠷᠢ ᠶᠢᠨ ᠴᠢᠬᠢ ᠬᠠᠩᠭᠢᠨᠠᠬᠤ ᠪᠣᠯᠣᠨ᠎ᠠ᠃ 4 ᠤᠴᠢᠷ ᠨᠢ ᠲᠡᠳᠡ ᠨᠠᠮᠠᠶᠢ ᠣᠷᠬᠢᠵᠤ᠂ ᠡᠨᠡ ᠭᠠᠵᠠᠷ ᠢ ᠬᠠᠷᠢ ᠦᠨᠳᠦᠰᠦᠲᠡᠨ ᠦ ᠬᠢ ᠮᠡᠲᠦ ᠪᠣᠯᠭᠠᠨ᠂ ᠡ᠊ᠨᠳᠡ ᠥᠪᠡᠷᠰᠡᠳ ᠦᠨ ᠢᠶᠠᠨ ᠴᠤ᠂ ᠡᠴᠢᠭᠡ ᠡᠪᠦᠭᠡᠳ ᠦᠨ ᠢᠶᠠᠨ ᠴᠤ᠂ ᠶᠦᠳᠠ ᠶᠢᠨ ᠬᠠᠭᠠᠳ ᠤᠨ ᠴᠤ ᠮᠡᠳᠡᠳᠡᠭ ᠦᠭᠡᠢ ᠥᠭᠡᠷ᠎ᠡ ᠪᠤᠷᠬᠠᠳ ᠲᠤ ᠤᠲᠤᠯᠭ᠎ᠠ ᠤᠭᠤᠭᠢᠭᠤᠯᠵᠤ᠂ ᠭᠡᠮ ᠦᠭᠡᠢ ᠬᠥᠮᠦᠰ ᠦᠨ ᠴᠢᠰᠤ ᠪᠠᠷ ᠡᠨᠡ ᠭᠠᠵᠠᠷ ᠢ ᠳᠦᠭᠦᠷᠭᠡᠨ 5 ᠪᠠᠯ ᠳᠤ ᠵᠣᠷᠢᠭᠤᠯᠤᠭᠰᠠᠨ ᠮᠥᠷᠭᠥᠯ ᠦᠨ ᠮᠠᠨᠳᠠᠯ ᠤᠳ ᠢ ᠪᠣᠰᠬᠠᠨ᠂ ᠥᠪᠡᠷᠰᠡᠳ ᠦᠨ ᠢᠶᠠᠨ ᠬᠥᠪᠡᠭᠦᠳ ᠢ ᠭᠠᠯᠳᠠᠨ ᠰᠢᠲᠠᠭᠠᠵᠤ᠂ ᠪᠠᠯ ᠳᠤ ᠰᠢᠲᠠᠭᠠᠯᠭᠠᠲᠤ ᠲᠠᠬᠢᠯ ᠪᠣᠯᠭᠠᠨ ᠡᠷᠭᠦᠭᠰᠡᠨ ᠶᠤᠮ᠃ ᠪᠢ ᠡᠭᠦᠨ ᠢ ᠲᠤᠰᠢᠶᠠᠭ᠎ᠠ ᠦᠭᠡᠢ᠂ ᠶᠠᠷᠢᠭ᠎ᠠ ᠴᠤ ᠦᠭᠡᠢ ᠪᠥᠭᠡᠳ ᠡᠨᠡ ᠨᠢ ᠰᠠᠨᠠᠭᠠᠨ ᠳᠤ ᠮᠢᠨᠢ ᠴᠤ ᠣᠷᠣᠭ᠎ᠠ ᠦᠭᠡᠢ ᠶᠤᠮ᠃ 6 ᠡᠢᠮᠦ ᠡᠴᠡ ᠶᠣᠬᠣᠸᠠ ᠪᠢ ᠠᠢᠯᠠᠳᠴᠤ ᠪᠠᠢᠨ᠎ᠠ᠂ ᠠᠩ᠋ᠬᠠᠷᠤᠭᠲᠤᠨ᠂ ᠡᠨᠡ ᠭᠠᠵᠠᠷ ᠢ ᠲᠣᠹᠧᠲ ᠪᠤᠶᠤ ᠪᠧᠨ ᠾᠢᠨᠣᠮ ᠤᠨ ᠬᠥᠨᠳᠡᠢ ᠭᠡᠵᠦ ᠨᠡᠷᠡᠯᠡᠬᠦ ᠪᠡᠨ ᠪᠣᠯᠢᠵᠤ᠂ ᠠᠯᠠᠯᠭᠠᠨ ᠤ ᠬᠥᠨᠳᠡᠢ ᠭᠡᠵᠦ ᠨᠡᠷᠡᠯᠡᠬᠦ ᠡᠳᠦᠷ ᠤᠳ ᠢᠷᠡᠵᠦ ᠪᠠᠢᠨ᠎ᠠ︕ 7 ᠪᠢ ᠶᠦᠳᠠ ᠪᠣᠯᠣᠨ ᠶᠧᠷᠦ᠋ᠰᠠᠯᠧᠮ ᠤᠨ ᠲᠥᠯᠥᠪᠯᠡᠭᠡ ᠶᠢ ᠡᠨᠡ ᠭᠠᠵᠠᠷ ᠲᠤ ᠨᠤᠷᠠᠭᠠᠨ᠎ᠠ᠂ ᠪᠢ ᠲᠡᠳᠡᠨ ᠢ ᠥᠪᠡᠷᠰᠡᠳ ᠦᠨ ᠬᠢᠨᠢ ᠠᠮᠢ ᠶᠢ ᠡᠷᠢᠭ᠍ᠴᠢᠳ ᠤᠨ ᠭᠠᠷ ᠲᠤ᠂ ᠳᠠᠢᠰᠤᠨ ᠨᠤᠭᠤᠳ ᠤᠨ ᠬᠢᠨᠢ ᠰᠡᠯᠡᠮᠡᠨ ᠳᠦ ᠤᠨᠠᠭᠠᠵᠤ᠂ ᠲᠡᠳᠡᠨ ᠦ ᠬᠡᠭᠦᠷ ᠢ ᠲᠩᠷᠢ ᠶᠢᠨ ᠰᠢᠪᠠᠭᠤᠳ ᠪᠣᠯᠣᠨ ᠭᠠᠵᠠᠷ ᠤᠨ ᠠᠷᠢᠶᠠᠲᠠᠳ ᠲᠤ ᠢᠳᠡᠭᠦᠯᠬᠦ ᠪᠠ 8 ᠡᠨᠡ ᠬᠣᠲᠠ ᠶᠢ ᠡᠵᠡᠭᠦᠢᠷᠡᠭᠦᠯᠵᠦ᠂ ᠲᠠᠪᠠᠯᠠᠭᠳᠠᠬᠤ ᠰᠢᠯᠲᠠᠭᠠᠨ ᠪᠣᠯᠭᠠᠨ᠎ᠠ᠃ ᠡᠨᠡᠭᠦᠷ ᠥᠩᠭᠡᠷᠡᠭᠴᠢ ᠬᠥᠮᠦᠨ ᠪᠦᠷᠢ ᠰᠣᠴᠢᠵᠤ᠂ ᠡᠳᠡᠭᠡᠷ ᠪᠦᠬᠦ ᠭᠠᠮᠰᠢᠭ ᠤᠨ ᠤᠯᠠᠮ ᠢᠶᠠᠷ ᠲᠠᠪᠠᠯᠠᠬᠤ ᠪᠣᠯᠣᠨ᠎ᠠ᠃ 9 ᠪᠢ ᠲᠡᠳᠡᠨ ᠢ ᠥᠪᠡᠷᠰᠡᠳ ᠦᠨ ᠬᠢᠨᠢ ᠠᠮᠢ ᠶᠢ ᠬᠠᠢᠳᠠᠭ ᠳᠠᠢᠰᠤᠨ ᠨᠤᠭᠤᠳ ᠤᠨ ᠢᠶᠠᠨ ᠪᠦᠰᠡᠯᠡᠯᠲᠡ ᠳᠦ ᠣᠷᠣᠬᠤ ᠵᠣᠪᠠᠯᠠᠩ ᠤᠨ ᠦᠶ᠎ᠡ ᠳᠦᠨᠢ ᠥᠪᠡᠷᠰᠡᠳ ᠦᠨ ᠢᠶᠠᠨ ᠬᠥᠪᠡᠭᠦᠳ ᠥᠬᠢᠳ ᠤᠨ ᠮᠢᠬ᠎ᠠ ᠶᠢ ᠢᠳᠡᠵᠦ᠂ ᠪᠡᠶ᠎ᠡ ᠪᠡᠶᠡᠨ ᠦ ᠪᠠᠨ ᠮᠢᠬ᠎ᠠ ᠶᠢ ᠢᠳᠡᠬᠦ ᠳᠦ ᠬᠦᠷᠭᠡᠨ᠎ᠡ〉 ᠭᠡᠵᠦ ᠶᠠᠷᠢ᠃》
10 《ᠲᠡᠭᠡᠭᠡᠳ ᠴᠢ ᠬᠠᠮᠲᠤ ᠶᠠᠪᠤᠬᠤ ᠬᠥᠮᠦᠰ ᠦᠨ ᠢᠶᠠᠨ ᠨᠢᠳᠦᠨ ᠳᠡᠭᠡᠷ᠎ᠡ ᠸᠠᠭᠠᠷ ᠢ ᠬᠠᠭᠠᠯᠵᠤ᠂ 11 ᠲᠡᠳᠡᠨ ᠳᠦ᠄ 〈ᠠᠤᠭ᠎ᠠ ᠬᠦᠴᠦᠲᠦ ᠶᠣᠬᠣᠸᠠ ᠢᠩᠭᠢᠵᠦ ᠠᠢᠯᠠᠳᠴᠤ ᠪᠠᠢᠨ᠎ᠠ᠂ ᠸᠠᠭᠠᠷᠴᠢᠨ ᠸᠠᠭᠠᠷ ᠰᠠᠪᠠ ᠶᠢ ᠳᠠᠬᠢᠵᠤ ᠪᠦᠲᠦᠨ ᠪᠣᠯᠬᠤ ᠪᠠᠷ ᠦᠭᠡᠢ ᠪᠦᠷᠢᠮᠦᠰᠦᠨ ᠬᠠᠭᠠᠯᠬᠤ ᠲᠠᠢ ᠠᠳᠠᠯᠢ ᠪᠢ ᠡᠨᠡ ᠠᠷᠠᠳ ᠲᠦᠮᠡᠨ ᠪᠣᠯᠣᠨ ᠡᠨᠡ ᠬᠣᠲᠠ ᠶᠢ ᠬᠠᠭᠠᠯᠤᠨ᠎ᠠ᠃ ᠲᠡᠳᠡ ᠬᠡᠭᠦᠷ ᠢ ᠲᠣᠹᠧᠲ ᠲᠤ ᠣᠷᠣᠰᠢᠭᠤᠯᠤᠭᠰᠠᠭᠠᠷ ᠪᠠᠢᠵᠤ᠂ ᠲᠡᠨᠳᠡ ᠣᠷᠣᠰᠢᠭᠤᠯᠬᠤ ᠵᠠᠢ ᠦᠭᠡᠢ ᠪᠣᠯᠣᠨ᠎ᠠ᠃ 12 ᠶᠣᠬᠣᠸᠠ ᠪᠢ ᠠᠢᠯᠠᠳᠴᠤ ᠪᠠᠢᠨ᠎ᠠ᠂ ᠪᠢ ᠡᠨᠡ ᠭᠠᠵᠠᠷ ᠪᠣᠯᠣᠨ ᠲᠡᠭᠦᠨ ᠦ ᠰᠠᠭᠤᠭᠠᠯᠢᠴᠢᠳ ᠲᠤ ᠲᠡᠢᠨ ᠬᠦ ᠦᠢᠯᠡᠳᠴᠦ᠂ ᠡᠨᠡ ᠬᠣᠲᠠ ᠶᠢ ᠲᠣᠹᠧᠲ ᠰᠢᠭ᠋ ᠪᠣᠯᠭᠠᠨ᠎ᠠ᠃ 13 ᠲᠡᠢᠮᠦ ᠡᠴᠡ ᠶᠧᠷᠦ᠋ᠰᠠᠯᠧᠮ ᠤᠨ ᠭᠡᠷ ᠤᠳ ᠪᠣᠯᠣᠨ ᠶᠦᠳᠠ ᠶᠢᠨ ᠬᠠᠭᠠᠳ ᠤᠨ ᠭᠡᠷ ᠤᠳ ᠲᠣᠹᠧᠲ ᠭᠠᠵᠠᠷ ᠰᠢᠭ᠋ ᠪᠤᠵᠠᠷᠯᠠᠭᠳᠠᠨᠠ᠃ ᠤᠴᠢᠷ ᠨᠢ ᠲᠡᠳᠡᠭᠡᠷ ᠪᠦᠬᠦ ᠪᠠᠢᠰᠢᠩ ᠤᠨ ᠳᠡᠭᠡᠪᠦᠷ ᠳᠡᠭᠡᠷ᠎ᠡ ᠲᠡᠳᠡ ᠲᠩᠷᠢ ᠶᠢᠨ ᠪᠦᠬᠦ ᠡᠷᠬᠡᠰ ᠲᠦ ᠲᠠᠬᠢᠯ ᠡᠷᠭᠦᠵᠦ᠂ ᠥᠭᠡᠷ᠎ᠡ ᠪᠤᠷᠬᠠᠳ ᠲᠤ ᠤᠮᠳᠠᠭᠠᠨ ᠡᠷᠭᠦᠯ ᠢ ᠴᠢᠳᠬᠤᠭᠰᠠᠨ ᠶᠤᠮ〉 ᠭᠡᠵᠦ ᠬᠡᠯᠡ》 ᠭᠡᠪᠡ᠃
ᠶᠧᠷᠧᠮᠢᠶ᠎ᠠ ᠬᠣᠷᠢᠭᠳᠠᠪᠠ
14 ᠶᠧᠷᠧᠮᠢᠶ᠎ᠠ ᠶᠣᠬᠣᠸᠠ ᠳᠤ ᠢᠯᠡᠭᠡᠭᠳᠡᠨ ᠲᠣᠹᠧᠲ ᠲᠤ ᠡᠰᠢ ᠦᠵᠡᠭᠦᠯᠦᠭᠰᠡᠨ ᠦ ᠳᠠᠷᠠᠭ᠎ᠠ ᠪᠤᠴᠠᠵᠤ ᠢᠷᠡᠭᠡᠳ ᠶᠣᠬᠣᠸᠠ ᠶᠢᠨ ᠥᠷᠭᠥᠭᠡᠨ ᠦ ᠬᠦᠷᠢᠶᠡᠨ ᠳᠣᠲᠣᠷ᠎ᠠ ᠵᠣᠭᠰᠣᠵᠤ᠂ ᠪᠦᠬᠦ ᠠᠷᠠᠳ ᠲᠦᠮᠡᠨ ᠳᠦ ᠶᠠᠷᠢᠨ᠄ 15 《ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠠᠢᠯᠠᠳᠴᠤ᠄ 〈ᠬᠠᠷ᠎ᠠ᠂ ᠲᠡᠳᠡ ᠮᠢᠨᠦ ᠦᠭᠡ ᠶᠢ ᠰᠣᠨᠣᠰᠣᠯ ᠦᠭᠡᠢ ᠰᠢᠯᠢ ᠪᠠᠨ ᠲᠠᠲᠠᠵᠠᠢ᠃ ᠡᠢᠮᠦ ᠡᠴᠡ ᠪᠢ ᠲᠡᠳᠡᠨ ᠳᠦ ᠲᠤᠩ᠋ᠬᠠᠭᠯᠠᠭᠰᠠᠨ ᠪᠦᠬᠦᠢᠯᠡ ᠭᠠᠮᠰᠢᠭ ᠢ ᠡᠨᠡ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ ᠪᠠᠭᠤᠯᠭᠠᠬᠤ ᠭᠡᠵᠦ ᠪᠠᠢᠨ᠎ᠠ〉 ᠭᠡᠰᠡᠨ ᠶᠤᠮ》 ᠭᠡᠪᠡ᠃