ᠶᠧᠷᠧᠮᠢᠶ᠎ᠠ ᠠᠷᠪᠠᠨ ᠳᠥᠷᠪᠡ
ᠭᠠᠩ ᠭᠠᠴᠢᠭ ᠪᠠ ᠢᠯᠳᠦ
1 ᠭᠠᠩ ᠭᠠᠴᠢᠭ ᠤᠨ ᠲᠠᠯ᠎ᠠ ᠪᠠᠷ ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠄
2 《ᠶᠦᠳᠠ ᠭᠠᠰᠢᠭᠤᠳᠠᠵᠤ᠂ ᠲᠡᠭᠦᠨ ᠦ ᠬᠠᠭᠠᠯᠭ᠎ᠠ ᠨᠤᠭᠤᠳ ᠰᠤᠯᠠᠷᠠᠪᠠ ᠭᠠᠵᠠᠷ ᠨᠤᠲᠤᠭ ᠤᠨ ᠢᠶᠠᠨ ᠲᠥᠯᠥᠭᠡ ᠲᠡᠳᠡ ᠭᠠᠰᠢᠭᠤᠳᠠᠬᠤ ᠳᠤ ᠬᠠᠰᠬᠢᠷᠬᠤ ᠳᠠᠭᠤ ᠶᠧᠷᠦ᠋ᠰᠠᠯᠧᠮ ᠡᠴᠡ ᠳᠡᠭᠡᠭᠰᠢ ᠭᠠᠷᠪᠠ᠃
3 ᠨᠣᠶᠠᠳ ᠨᠢ ᠵᠠᠷᠤᠴᠠ ᠨᠠᠷ ᠢᠶᠠᠨ ᠤᠰᠤᠨ ᠳᠤ ᠶᠠᠪᠤᠭᠤᠯᠪᠠ ᠨᠥᠭᠡᠴᠡᠯᠡᠭᠦᠷ ᠤᠷᠤᠭᠤ ᠶᠠᠪᠤᠭᠤᠯᠤᠭᠰᠠᠨ ᠴᠤ ᠤᠰᠤ ᠣᠯᠣᠭᠰᠠᠨ ᠦᠭᠡᠢ ᠰᠠᠪᠠ ᠬᠣᠭᠣᠰᠣᠨ ᠪᠤᠴᠠᠵᠤ ᠢᠷᠡᠬᠦ ᠳᠡᠭᠡᠨ ᠲᠡᠳᠡ ᠰᠠᠨᠠᠭ᠎ᠠ ᠵᠣᠪᠠᠨ ᠴᠥᠬᠥᠷᠡᠵᠦ ᠲᠣᠯᠣᠭᠠᠢ ᠪᠠᠨ ᠪᠦᠲᠡᠭᠡᠪᠡ
4 ᠭᠠᠵᠠᠷ ᠨᠤᠲᠤᠭ ᠲᠤ ᠪᠣᠷᠣᠭᠠᠨ ᠦᠭᠡᠢ ᠡᠴᠡ ᠭᠠᠵᠠᠷ ᠬᠠᠭᠠᠷᠠᠳᠠᠭ ᠲᠤᠯᠠ ᠲᠠᠷᠢᠶᠠᠴᠢᠳ ᠰᠠᠨᠠᠭ᠎ᠠ ᠵᠣᠪᠠᠨ ᠲᠣᠯᠣᠭᠠᠢ ᠪᠠᠨ ᠪᠦᠲᠡᠭᠡᠪᠡ᠃
5 ᠲᠠᠯ᠎ᠠ ᠶᠢᠨ ᠰᠣᠭᠣ ᠬᠦᠷᠲᠡᠯ᠎ᠡ ᠡᠪᠡᠰᠦ ᠦᠭᠡᠢ ᠪᠣᠯᠬᠣᠷ ᠲᠥᠷᠥᠭᠦᠯᠦᠭᠰᠡᠨ ᠢᠶᠡᠨ ᠣᠷᠬᠢᠪᠠ
6 ᠬᠤᠯᠠᠨ ᠨᠤᠭᠤᠳ ᠨᠢᠴᠦᠭᠦᠨ ᠳᠣᠪᠣ ᠳᠡᠭᠡᠷ᠎ᠡ ᠵᠣᠭᠰᠣᠭᠠᠳ ᠴᠥᠭᠡᠪᠦᠷᠢ ᠴᠢᠨᠣ᠎ᠠ ᠮᠡᠲᠦ ᠠᠭᠠᠬᠢᠯᠠᠪᠠ ᠨᠢᠳᠦ ᠪᠡᠨ ᠴᠢᠯᠡᠲᠡᠯ᠎ᠡ ᠡᠷᠢᠭᠰᠡᠨ ᠴᠤ ᠨᠣᠭᠣᠭᠠᠨ ᠤᠷᠭᠤᠮᠠᠯ ᠣᠯᠣᠭᠰᠠᠨ ᠦᠭᠡᠢ
7 ᠪᠢᠳᠡᠨ ᠦ ᠭᠡᠮ ᠪᠤᠷᠤᠭᠤ ᠪᠢᠳᠡᠨ ᠢ ᠵᠠᠭᠠᠯᠳᠤᠳᠠᠭ ᠪᠣᠯᠪᠠᠴᠤ ᠶᠣᠬᠣᠸᠠ᠂ ᠥᠪᠡᠷ ᠦᠨ ᠢᠶᠠᠨ ᠨᠡᠷ᠎ᠡ ᠠᠯᠳᠠᠷ ᠤᠨ ᠲᠥᠯᠥᠭᠡ ᠦᠢᠯᠡᠳᠦᠭᠡᠴᠢ︕ ᠪᠢᠳᠡ ᠣᠯᠠᠨᠲᠠ ᠲᠡᠷᠰᠯᠡᠵᠦ ᠲᠠᠨ ᠳᠤ ᠨᠢᠭᠦᠯ ᠦᠢᠯᠡᠳᠦᠭᠰᠡᠨ ᠨᠢ ᠦᠨᠡᠨ
8 ᠬᠠᠷᠢᠨ ᠢᠰᠷᠧᠯ ᠤᠨ ᠨᠠᠢᠳᠠᠪᠤᠷᠢ ᠡ ᠭᠠᠮᠰᠢᠭᠲᠤ ᠦᠶ᠎ᠡ ᠶᠢᠨ ᠬᠢᠨᠢ ᠠᠪᠤᠷᠠᠭᠴᠢ ᠡ ᠲᠠ ᠶᠠᠭᠠᠬᠢᠭᠠᠳ ᠡᠨᠡ ᠨᠤᠲᠤᠭ ᠲᠤ ᠬᠠᠷᠢ ᠶᠢᠨ ᠬᠥᠮᠦᠨ ᠮᠡᠲᠦ ᠬᠣᠨᠣᠭ ᠤᠨ ᠠᠶᠠᠨᠴᠢᠨ ᠮᠡᠲᠦ ᠪᠠᠢᠨ᠎ᠠ ᠪᠤᠢ︖
9 ᠲᠠ ᠶᠠᠭᠠᠬᠢᠭᠠᠳ ᠰᠣᠴᠢᠭᠰᠠᠨ ᠬᠥᠮᠦᠨ ᠮᠡᠲᠦ ᠠᠪᠤᠷᠠᠵᠤ ᠴᠢᠳᠠᠬᠤ ᠦᠭᠡᠢ ᠬᠦᠴᠦᠲᠡᠨ ᠠᠳᠠᠯᠢ ᠪᠠᠢᠨ᠎ᠠ ᠪᠤᠢ︖ ᠬᠠᠷᠢᠨ ᠶᠣᠬᠣᠸᠠ ᠡ᠂ ᠲᠠ ᠪᠢᠳᠡᠨ ᠦ ᠳᠤᠮᠳᠠ ᠪᠠᠢᠭ᠎ᠠ ᠪᠥᠭᠡᠳ ᠪᠢᠳᠡ ᠲᠠᠨ ᠤ ᠨᠡᠷ᠎ᠡ ᠪᠡᠷ ᠳᠠᠭᠤᠳᠠᠭᠳᠠᠳᠠᠭ ᠲᠤᠯᠠ ᠪᠢᠳᠡᠨ ᠢ ᠪᠦᠦ ᠣᠷᠬᠢᠭᠠᠴᠢ︕》
10 ᠶᠣᠬᠣᠸᠠ ᠡᠨᠡ ᠠᠷᠠᠳ ᠲᠦᠮᠡᠨ ᠲᠤ ᠡᠢᠨ ᠬᠦ ᠠᠢᠯᠠᠳᠴᠤ ᠪᠠᠢᠨ᠎ᠠ᠄ 《ᠲᠡᠳᠡ ᠬᠥᠯ ᠢᠶᠡᠨ ᠬᠤᠷᠢᠶᠠᠯ ᠦᠭᠡᠢ ᠲᠡᠨᠦᠭᠦᠴᠢᠯᠡᠬᠦ ᠳᠤᠷᠠᠲᠠᠢ᠂ ᠡᠢᠮᠦ ᠡᠴᠡ ᠶᠣᠬᠣᠸᠠ ᠪᠢ ᠲᠡᠳᠡᠨ ᠢ ᠬᠦᠯᠢᠶᠡᠨ ᠠᠪᠬᠤ ᠦᠭᠡᠢ᠃ ᠣᠳᠣ ᠭᠡᠮ ᠪᠤᠷᠤᠭᠤ ᠶᠢ ᠨᠢ ᠰᠠᠨᠠᠵᠤ᠂ ᠨᠢᠭᠦᠯ ᠢ ᠨᠢ ᠰᠢᠳᠬᠡᠨ᠎ᠡ᠂ 11 ᠶᠣᠬᠣᠸᠠ ᠨᠠᠳᠠ ᠳᠤ ᠠᠢᠯᠠᠳᠤᠨ᠄ 〈ᠡᠨᠡ ᠠᠷᠠᠳ ᠲᠦᠮᠡᠨ ᠦ ᠰᠠᠢᠨ ᠰᠠᠢᠬᠠᠨ ᠤ ᠲᠥᠯᠥᠭᠡ ᠴᠢ ᠪᠦᠦ ᠳᠠᠭᠠᠳᠬ᠎ᠠ᠂ 12 ᠲᠡᠳᠡ ᠪᠠᠴᠠᠭ ᠪᠠᠷᠢᠭᠰᠠᠨ ᠴᠤ ᠪᠢ ᠣᠷᠢᠯᠠᠬᠤ ᠶᠢ ᠨᠢ ᠰᠣᠨᠣᠰᠬᠤ ᠦᠭᠡᠢ᠃ ᠰᠢᠲᠠᠭᠠᠯᠭᠠᠲᠤ ᠲᠠᠬᠢᠯ ᠪᠤᠶᠤ ᠢᠳᠡᠭᠡᠨ ᠲᠠᠬᠢᠯ ᠡᠷᠭᠦᠭᠰᠡᠨ ᠴᠤ ᠲᠡᠳᠡᠨ ᠦ ᠬᠢ ᠶᠢ ᠬᠦᠯᠢᠶᠡᠨ ᠠᠪᠬᠤ ᠦᠭᠡᠢ᠃ ᠬᠠᠷᠢᠨ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠲᠡᠳᠡᠨ ᠢ ᠤᠰᠠᠳᠬᠠᠨ᠎ᠠ〉 ᠭᠡᠪᠡ᠃》 13 ᠪᠢ᠄ 《ᠥ ᠡᠵᠡᠨ ᠶᠣᠬᠣᠸᠠ︕ ᠬᠠᠷᠢᠨ ᠡᠰᠢ ᠦᠵᠡᠭᠦᠯᠦᠭᠴᠢᠳ᠄ 〈ᠲᠠ ᠨᠠᠷ ᠢᠯᠳᠦ ᠶᠢ ᠦᠵᠡᠬᠦ ᠦᠭᠡᠢ᠂ ᠥᠯᠥᠰᠬᠥᠯᠡᠩ ᠴᠤ ᠪᠣᠯᠬᠤ ᠦᠭᠡᠢ᠂ ᠶᠣᠬᠣᠸᠠ ᠲᠠᠨ ᠤ ᠡᠨᠡ ᠭᠠᠵᠠᠷ ᠲᠤ ᠦᠷᠭᠦᠯᠵᠢ ᠶᠢᠨ ᠠᠮᠤᠭᠤᠯᠠᠩ ᠢ ᠥᠭᠭᠥᠨ᠎ᠡ〉 ᠭᠡᠵᠦ ᠯᠠ ᠪᠠᠢᠳᠠᠭ》 ᠭᠡᠬᠦ ᠳᠦ᠂ 14 ᠶᠣᠬᠣᠸᠠ ᠨᠠᠳᠠ ᠳᠤ ᠠᠢᠯᠠᠳᠤᠨ᠄ 《ᠲᠡᠳᠡᠭᠡᠷ ᠡᠰᠢ ᠦᠵᠡᠭᠦᠯᠦᠭᠴᠢ ᠮᠢᠨᠦ ᠨᠡᠷ᠎ᠡ ᠪᠡᠷ ᠬᠠᠭᠤᠷᠮᠠᠭ ᠢᠶᠠᠷ ᠡᠰᠢ ᠦᠵᠡᠭᠦᠯᠵᠦ ᠪᠠᠢᠨ᠎ᠠ᠃ ᠪᠢ ᠲᠡᠳᠡᠨ ᠢ ᠶᠠᠪᠤᠭᠤᠯᠤᠭ᠎ᠠ ᠦᠭᠡᠢ᠂ ᠲᠡᠳᠡᠨ ᠳᠦ ᠲᠤᠰᠢᠶᠠᠭ᠎ᠠ ᠴᠤ ᠦᠭᠡᠢ᠂ ᠶᠠᠷᠢᠭ᠎ᠠ ᠴᠤ ᠦᠭᠡᠢ᠃ ᠲᠡᠳᠡ ᠬᠤᠳᠠᠯ ᠦᠵᠡᠭᠳᠡᠯ᠂ ᠬᠣᠭᠣᠰᠣᠨ ᠲᠥᠯᠭᠡ ᠪᠤᠶᠤ ᠬᠠᠭᠤᠷᠮᠠᠴᠢ ᠰᠡᠳᠬᠢᠯ ᠢᠶᠠᠷ ᠡᠰᠢ ᠦᠵᠡᠭᠦᠯᠵᠦ ᠪᠠᠢᠨ᠎ᠠ᠃ 15 ᠲᠡᠢᠮᠦ ᠡᠴᠡ ᠨᠥᠭᠥᠭᠡ ᠡᠰᠢ ᠦᠵᠡᠭᠦᠯᠦᠭᠴᠢᠳ ᠤᠨ ᠲᠤᠬᠠᠢ ᠶᠣᠬᠣᠸᠠ ᠪᠢ ᠡᠢᠨ ᠬᠦ ᠠᠢᠯᠠᠳᠴᠤ ᠪᠠᠢᠨ᠎ᠠ᠃ ᠪᠢ ᠲᠡᠳᠡᠨ ᠢ ᠶᠠᠪᠤᠭᠤᠯᠵᠤ ᠪᠠᠢᠭ᠎ᠠ ᠦᠭᠡᠢ ᠪᠣᠯᠪᠠᠴᠤ ᠲᠡᠳᠡ ᠮᠢᠨᠦ ᠨᠡᠷ᠎ᠡ ᠪᠡᠷ ᠡᠰᠢ ᠦᠵᠡᠭᠦᠯᠦᠨ᠄ 〈ᠢᠯᠳᠦ ᠴᠤ᠂ ᠥᠯᠥᠰᠬᠥᠯᠡᠩ ᠴᠤ ᠡᠨᠡ ᠨᠤᠲᠤᠭ ᠲᠤ ᠢᠷᠡᠬᠦ ᠦᠭᠡᠢ〉 ᠭᠡᠯᠴᠡᠵᠦ ᠪᠠᠢᠨ᠎ᠠ᠃ ᠡᠳᠡᠭᠡᠷ ᠡᠰᠢ ᠦᠵᠡᠭᠦᠯᠦᠭᠴᠢ ᠶᠠᠭ ᠲᠡᠷᠡ ᠢᠯᠳᠦ ᠪᠣᠯᠣᠨ ᠥᠯᠥᠰᠬᠥᠯᠡᠩ ᠢᠶᠡᠷ ᠡᠴᠦᠰᠯᠡᠬᠦ ᠪᠣᠯᠣᠨ᠎ᠠ︕ 16 ᠲᠡᠳᠡᠨ ᠦ ᠡᠰᠢ ᠦᠵᠡᠭᠦᠯᠦᠯᠭᠡ ᠶᠢ ᠰᠣᠨᠣᠰᠣᠭᠰᠠᠨ ᠠᠷᠠᠳ ᠲᠦᠮᠡᠨ ᠴᠤ ᠥᠯᠥᠰᠬᠥᠯᠡᠩ ᠪᠠ ᠢᠯᠳᠦᠨ ᠦ ᠤᠯᠠᠮ ᠢᠶᠠᠷ ᠶᠧᠷᠦ᠋ᠰᠠᠯᠧᠮ ᠤᠨ ᠭᠤᠳᠤᠮᠵᠢ ᠨᠤᠭᠤᠳ ᠲᠤ ᠬᠠᠶᠠᠭᠳᠠᠬᠤ ᠪᠣᠯᠣᠨ᠎ᠠ᠃ ᠲᠡᠳᠡᠨ ᠢ᠂ ᠡᠬᠡᠨᠡᠷ ᠤᠳ ᠢ ᠨᠢ ᠴᠤ᠂ ᠬᠥᠪᠡᠭᠦᠳ ᠢ ᠨᠢ ᠴᠤ᠂ ᠥᠬᠢᠳ ᠢ ᠨᠢ ᠴᠤ ᠣᠷᠣᠰᠢᠭᠤᠯᠬᠤ ᠬᠥᠮᠦᠨ ᠪᠠᠢᠬᠤ ᠦᠭᠡᠢ ᠪᠣᠯᠣᠨ᠎ᠠ᠃ ᠲᠡᠢᠨ ᠬᠦ ᠪᠢ ᠬᠣᠷᠣᠨ ᠮᠠᠭᠤ ᠶᠢ ᠨᠢ ᠥᠪᠡᠷᠰᠡᠳ ᠦᠨ ᠬᠢᠨᠢ ᠳᠡᠭᠡᠷ᠎ᠡ ᠠᠰᠬᠠᠬᠤ ᠪᠣᠯᠣᠨ᠎ᠠ᠃
17 ᠴᠢ ᠲᠡᠳᠡᠨ ᠳᠦ ᠡᠨᠡ ᠦᠭᠡ ᠶᠢ ᠶᠠᠷᠢ᠄ 〈ᠨᠢᠳᠦ ᠮᠢᠨᠢ ᠡᠳᠦᠷᠵᠢᠨ ᠰᠥᠨᠢᠵᠢᠨ ᠲᠠᠰᠤᠷᠠᠯᠲᠠ ᠦᠭᠡᠢ ᠨᠢᠯᠪᠤᠰᠤ ᠤᠷᠤᠰᠬᠠᠨ᠎ᠠ ᠮᠢᠨᠦ ᠣᠩ᠋ᠭᠣᠨ ᠥᠬᠢᠨ᠂ ᠮᠢᠨᠦ ᠠᠷᠠᠳ ᠲᠦᠮᠡᠨ ᠪᠤᠲᠠ ᠴᠣᠬᠢᠯᠲᠠᠨ ᠳᠤ ᠬᠦᠨᠳᠦ ᠰᠢᠷᠬᠠᠲᠤᠭᠰᠠᠨ ᠪᠠᠢᠨ᠎ᠠ᠃
18 ᠬᠡᠭᠡᠷ᠎ᠡ ᠲᠠᠯ᠎ᠠ ᠤᠷᠤᠭᠤ ᠭᠠᠷᠪᠠᠯ ᠢᠯᠳᠦᠨ ᠳᠦ ᠰᠥᠨᠥᠭᠰᠡᠳ︕ ᠬᠣᠲᠠ ᠳᠤ ᠣᠷᠣᠪᠠᠯ ᠥᠯᠥᠰᠬᠥᠯᠡᠩ ᠦᠨ ᠰᠦᠢᠷᠡᠯ︕ ᠡᠰᠢ ᠦᠵᠡᠭᠦᠯᠦᠭᠴᠢ ᠴᠤ᠂ ᠲᠠᠬᠢᠯᠴᠢ ᠴᠤ ᠡᠷᠳᠡᠮ ᠮᠡᠳᠡᠯᠭᠡ ᠦᠭᠡᠢ ᠪᠠᠷ ᠣᠷᠣᠨ ᠨᠤᠲᠤᠭ ᠲᠤ ᠬᠡᠰᠦᠭᠦᠴᠢᠯᠡᠳᠡᠭ᠌ ᠪᠠᠢᠵᠠᠢ〉 ᠭᠡᠰᠡᠨ》 ᠭᠡᠪᠡ᠃
19 ᠶᠦᠳᠠ ᠶᠢ ᠲᠠ ᠪᠦᠷᠢᠮᠦᠰᠦᠨ ᠣᠭᠣᠷᠣᠭᠰᠠᠨ ᠤᠤ︖ ᠽᠢᠶᠣᠨ ᠢ ᠲᠠ ᠦᠵᠡᠨ ᠶᠠᠳᠠᠬᠤ ᠪᠣᠯᠣᠭᠰᠠᠨ ᠤᠤ︖ ᠶᠠᠭᠤᠨ ᠳᠤ ᠲᠠ ᠪᠢᠳᠡᠨ ᠢ ᠡᠳᠡᠭᠡᠷᠡᠰᠢ ᠦᠭᠡᠢ ᠪᠠᠷ ᠴᠣᠬᠢᠪᠠ︖ ᠠᠮᠤᠭᠤᠯᠠᠩ ᠢ ᠪᠢᠳᠡ ᠬᠦᠰᠡᠭᠰᠡᠨ ᠴᠤ ᠰᠠᠢᠨ ᠨᠢ ᠦᠭᠡᠢ ᠡᠳᠡᠭᠡᠷᠡᠯ ᠦᠨ ᠴᠠᠭ ᠢ ᠬᠦᠰᠡᠭᠰᠡᠨ ᠴᠤ ᠠᠶᠤᠮᠰᠢᠭ ᠯᠠ ᠪᠤᠢ᠂
20 ᠶᠣᠬᠣᠸᠠ᠂ ᠪᠢᠳᠡ ᠥᠪᠡᠷᠰᠡᠳ ᠦᠨ ᠢᠶᠠᠨ ᠬᠣᠷᠣᠨ ᠮᠠᠭᠤ ᠶᠢ᠂ ᠡᠴᠢᠭᠡ ᠡᠪᠦᠭᠡᠳ ᠦᠨ ᠢᠶᠠᠨ ᠭᠡᠮ ᠪᠤᠷᠤᠭᠤ ᠶᠢ ᠵᠥᠪᠰᠢᠶᠡᠷᠡᠵᠦ ᠪᠠᠢᠨ᠎ᠠ᠃ ᠪᠢᠳᠡ ᠲᠠᠨ ᠳᠤ ᠨᠢᠭᠦᠯ ᠦᠢᠯᠡᠳᠦᠭᠰᠡᠨ ᠶᠤᠮ᠃
21 ᠥᠪᠡᠷ ᠦᠨ ᠢᠶᠠᠨ ᠨᠡᠷ᠎ᠡ ᠶᠢᠨ ᠲᠥᠯᠥᠭᠡ ᠪᠢᠳᠡᠨ ᠢ ᠪᠦᠦ ᠭᠣᠯᠣᠭᠠᠴᠢ︕ ᠥᠪᠡᠷ ᠦᠨ ᠢᠶᠠᠨ ᠰᠤᠤᠲᠤ ᠰᠡᠨᠲᠢ ᠶᠢ ᠪᠦᠦ ᠭᠤᠲᠤᠭᠠᠭᠠᠴᠢ︕ ᠪᠢᠳᠡᠨ ᠲᠡᠢ ᠪᠠᠢᠭᠤᠯᠤᠭᠰᠠᠨ ᠭᠡᠷ᠎ᠡ ᠪᠡᠨ ᠰᠠᠨᠠᠵᠤ᠂ ᠪᠦᠦ ᠴᠤᠴᠠᠯᠤᠭᠠᠴᠢ︕
22 ᠬᠠᠷᠢᠴᠤᠳ ᠤᠨ ᠰᠢᠲᠦᠭᠡᠨ ᠨᠦᠭᠦᠳ ᠦᠨ ᠳᠤᠮᠳᠠ ᠪᠣᠷᠣᠭᠠᠨ ᠣᠷᠣᠭᠤᠯᠳᠠᠭ ᠨᠢ ᠪᠤᠢ ᠤᠤ︖ ᠠᠭᠠᠳᠠᠷ ᠪᠣᠷᠣᠭ᠎ᠠ ᠶᠢ ᠲᠩᠷᠢ ᠥᠪᠡᠷ ᠢᠶᠡᠨ ᠰᠣᠶᠣᠷᠬᠠᠵᠤ ᠴᠢᠳᠠᠬᠤ ᠤᠤ︖ ᠲᠡᠳᠡᠭᠡᠷ ᠢ ᠰᠣᠶᠣᠷᠬᠠᠭᠴᠢ ᠨᠢ ᠪᠢᠳᠡᠨ ᠦ ᠪᠤᠷᠬᠠᠨ ᠶᠣᠬᠣᠸᠠ ᠲᠠ ᠪᠢᠰᠢ ᠤᠤ︖ ᠲᠡᠳᠡᠭᠡᠷ ᠪᠦᠬᠦᠨ ᠢ ᠪᠦᠲᠦᠭᠡᠭᠴᠢ ᠨᠢ ᠲᠠ ᠲᠡᠢᠮᠦ ᠡᠴᠡ ᠪᠢᠳᠡ ᠲᠠᠨ ᠢ ᠯᠠ ᠬᠦᠰᠡᠵᠦ ᠪᠠᠢᠨ᠎ᠠ᠃