ᠶᠧᠷᠧᠮᠢᠶ᠎ᠠ ᠭᠤᠴᠢ
ᠢᠰᠷᠧᠯ ᠤᠨ ᠰᠡᠷᠭᠦᠯᠲᠡ
1 ᠶᠣᠬᠣᠸᠠ ᠠᠴᠠ ᠶᠧᠷᠧᠮᠢᠶ᠎ᠠ ᠳᠤ ᠦᠭᠡ ᠢᠷᠡᠵᠦ ᠠᠢᠯᠠᠳᠤᠭᠰᠠᠨ ᠨᠢ᠄ 2 《ᠢᠰᠷᠧᠯ ᠤᠨ ᠪᠤᠷᠬᠠᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ 〈ᠮᠢᠨᠦ ᠥᠪᠡᠷ ᠲᠦ ᠴᠢᠨᠢ ᠶᠠᠷᠢᠭᠰᠠᠨ ᠦᠭᠡ ᠪᠦᠷᠢ ᠶᠢ ᠨᠣᠮ ᠳᠤ ᠪᠢᠴᠢ᠃ 3 ᠶᠣᠬᠣᠸᠠ ᠠᠢᠯᠠᠳᠴᠤ ᠪᠠᠢᠨ᠎ᠠ᠃ ᠬᠠᠷ᠎ᠠ᠂ ᠪᠢ ᠠᠷᠠᠳ ᠲᠦᠮᠡᠨ ᠢᠰᠷᠧᠯ ᠪᠣᠯᠣᠨ ᠶᠦᠳᠠ ᠪᠠᠨ ᠴᠥᠯᠡᠯᠭᠡ ᠡᠴᠡ ᠨᠢ ᠪᠤᠴᠠᠭᠠᠬᠤ ᠡᠳᠦᠷ ᠤᠳ ᠢᠷᠡᠵᠦ ᠪᠠᠢᠨ᠎ᠠ︕ ᠪᠢ ᠲᠡᠳᠡᠨ ᠢ ᠡᠴᠢᠭᠡ ᠡᠪᠦᠭᠡᠳ ᠲᠤᠨᠢ ᠥᠭᠭᠥᠭᠰᠡᠨ ᠨᠤᠲᠤᠭ ᠲᠤ ᠪᠤᠴᠠᠭᠠᠨ ᠠᠪᠴᠢᠷᠠᠵᠤ᠂ ᠲᠡᠳᠡ ᠲᠡᠭᠦᠨ ᠢ ᠡᠵᠡᠮᠰᠢᠬᠦ ᠪᠣᠯᠣᠨ᠎ᠠ᠂〉 ᠶᠣᠬᠣᠸᠠ ᠠᠢᠯᠠᠳᠴᠤ ᠪᠠᠢᠨ᠎ᠠ᠃》
4 ᠢᠰᠷᠧᠯ ᠪᠣᠯᠣᠨ ᠶᠦᠳᠠ ᠶᠢᠨ ᠲᠠᠯ᠎ᠠ ᠪᠠᠷ ᠶᠣᠬᠣᠸᠠ ᠶᠢᠨ ᠠᠢᠯᠠᠳᠤᠭᠰᠠᠨ ᠦᠭᠡ᠄
5 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠠᠮᠤᠷ ᠦᠭᠡᠢ᠂ ᠠᠢᠳᠠᠰ ᠲᠠᠢ ᠠᠶᠤᠮᠰᠢᠭ ᠤᠨ ᠴᠢᠮᠡᠭᠡ ᠰᠣᠨᠣᠰᠲᠠᠯ᠎ᠠ
6 ᠠᠰᠠᠭᠤᠵᠤ ᠦᠵᠡ᠂ ᠡᠷ᠎ᠡ ᠬᠥᠮᠦᠨ ᠬᠡᠦᠬᠡᠳ ᠲᠥᠷᠥᠭᠦᠯᠬᠦ ᠨᠢ ᠤᠤ︖ ᠶᠠᠭᠠᠬᠢᠭᠠᠳ ᠡᠷᠡᠭᠲᠡᠢ ᠬᠥᠮᠦᠨ ᠪᠦᠷᠢ ᠶᠢᠨ ᠴᠢᠷᠠᠢ ᠨᠢ ᠴᠣᠩᠬᠢᠢᠵᠤ᠂ ᠭᠡᠳᠡᠰᠦᠨ ᠳᠡᠭᠡᠷ᠎ᠡ ᠪᠡᠨ ᠭᠠᠷ ᠢᠶᠠᠨ ᠲᠠᠯᠪᠢᠭᠠᠳ ᠬᠡᠦᠬᠡᠳ ᠲᠥᠷᠥᠭᠦᠯᠬᠦ ᠡᠮᠡᠭᠲᠡᠢ ᠰᠢᠭ ᠬᠠᠷᠠᠭᠳᠠᠬᠤ ᠨᠢ ᠪᠤᠢ︖
7 ᠥ︕ ᠲᠡᠷᠡ ᠡᠳᠦᠷ ᠠᠶᠤᠮᠰᠢᠭ ᠲᠠᠢ᠂ ᠡᠭᠦᠨ ᠲᠡᠢ ᠠᠳᠠᠯᠢ ᠡᠳᠦᠷ ᠪᠠᠢᠬᠤ ᠦᠭᠡᠢ ᠡᠨᠡ ᠨᠢ ᠶᠠᠺᠣᠪ ᠤᠨ ᠵᠣᠪᠠᠯᠠᠩ ᠤᠨ ᠴᠠᠭ᠂ ᠭᠡᠪᠡᠴᠦ ᠬᠣᠵᠢᠮ ᠲᠡᠷᠡ ᠪᠡᠷ ᠵᠣᠪᠠᠯᠠᠩ ᠠᠴᠠ ᠠᠪᠤᠷᠠᠭᠳᠠᠨ᠎ᠠ᠃
8 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ ᠲᠡᠷᠡ ᠡᠳᠦᠷ ᠪᠢ ᠬᠦᠵᠦᠭᠦᠨ ᠳᠡᠭᠡᠷ᠎ᠡ ᠡᠴᠡ ᠨᠢ ᠲᠡᠭᠦᠨ ᠦ ᠪᠤᠭᠤᠯᠠᠭ᠎ᠠ ᠶᠢ ᠡᠪᠳᠡᠵᠦ᠂ ᠳᠥᠩᠭᠡ ᠶᠢ ᠨᠢ ᠲᠠᠰᠤᠳᠠᠨ᠎ᠠ᠃ ᠬᠠᠷᠢᠴᠤᠳ ᠲᠡᠭᠦᠨ ᠢ ᠪᠣᠭᠣᠯᠴᠢᠯᠠᠬᠤ ᠪᠠᠨ ᠪᠣᠯᠢᠵᠤ᠂ 9 〈ᠲᠡᠳᠡᠨ 10 ᠤ ᠪᠤᠷᠬᠠᠨ ᠶᠣᠬᠣᠸᠠ ᠳᠤ᠂ ᠲᠡᠳᠡᠨ 11 ᠤ ᠲᠥᠯᠥᠭᠡ ᠮᠢᠨᠦ ᠡᠷᠭᠦᠮᠵᠢᠯᠡᠬᠦ ᠬᠠᠭᠠᠨ ᠳ᠋ᠠᠸᠢᠳ᠋ ᠲᠤ ᠦᠢᠯᠡᠴᠢᠯᠡᠨ᠎ᠡ᠃
10 ᠬᠠᠷᠢᠨ ᠴᠢ ᠪᠦᠦ ᠠᠶᠤ᠂ ᠮᠢᠨᠦ ᠵᠠᠷᠤᠴᠠ ᠶᠠᠺᠣᠪ ᠡ〉 〈ᠪᠦᠦ ᠪᠠᠯᠠᠮᠠᠭᠳᠠ᠂ ᠢᠰᠷᠧᠯ ᠡ᠂ ᠶᠣᠬᠣᠸᠠ ᠠᠢᠯᠠᠳᠴᠤ ᠪᠠᠢᠨ᠎ᠠ ᠬᠠᠷ᠎ᠠ᠂ ᠪᠢ ᠴᠢᠮᠠᠶᠢ ᠬᠣᠯᠠ ᠬᠢᠵᠠᠭᠠᠷ ᠠᠴᠠ ᠬᠣᠢᠴᠢ ᠦᠶ᠎ᠡ ᠶᠢ ᠴᠢᠨᠢ ᠴᠥᠯᠡᠯᠭᠡ ᠡᠴᠡ ᠠᠪᠤᠷᠠᠨ᠎ᠠ ᠶᠠᠺᠣᠪ ᠪᠤᠴᠠᠨ ᠢᠷᠡᠵᠦ᠂ ᠠᠮᠤᠭᠤᠯᠠᠩ ᠠᠮᠠᠷᠠᠨ᠎ᠠ᠂ ᠬᠡᠨ ᠴᠤ ᠲᠡᠭᠦᠨ ᠢ ᠠᠶᠤᠯᠭᠠᠬᠤ ᠦᠭᠡᠢ᠃
11 ᠪᠢ ᠴᠢᠮ᠎ᠠ ᠲᠠᠢ ᠬᠠᠮᠲᠤ ᠪᠠᠢᠵᠤ᠂ ᠴᠢᠮᠠᠶᠢ ᠠᠪᠤᠷᠠᠨ᠎ᠠ᠂〉 ᠶᠣᠬᠣᠸᠠ ᠠᠢᠯᠠᠳᠴᠤ ᠪᠠᠢᠨ᠎ᠠ᠃ 〈ᠪᠢ ᠴᠢᠮᠠᠶᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠭᠰᠠᠨ᠂ ᠬᠠᠷᠢᠨ ᠪᠢ ᠲᠡᠳᠡᠨ ᠢ ᠡᠴᠦᠰᠯᠡᠭᠦᠯᠦᠨ᠎ᠡ ᠴᠢᠮᠠᠶᠢ ᠡᠴᠦᠰᠯᠡᠭᠦᠯᠬᠦ ᠦᠭᠡᠢ ᠭᠡᠪᠡᠴᠦ ᠪᠢ ᠴᠢᠮᠠᠶᠢ ᠰᠢᠳᠤᠷᠭᠤ ᠪᠠᠷ ᠭᠡᠰᠬᠡᠭᠡᠨᠡ᠂ ᠬᠡᠷᠬᠢᠪᠡᠴᠦ ᠬᠡᠯᠲᠦᠷᠢᠭᠦᠯᠬᠦ ᠦᠭᠡᠢ᠃〉
12 ᠶᠣᠬᠣᠸᠠ ᠡᠢᠨ ᠬᠦ ᠠᠢᠯᠠᠳᠴᠤ ᠪᠠᠢᠨ᠎ᠠ᠄ 〈ᠭᠡᠮᠲᠦᠯ ᠴᠢᠨᠢ ᠡᠳᠡᠭᠡᠷᠡᠰᠢ ᠦᠭᠡᠢ᠂ ᠰᠢᠷᠬ᠎ᠠ ᠴᠢᠨᠢ ᠬᠦᠨᠳᠦ᠃
13 ᠬᠡᠷᠡᠭ ᠢ ᠴᠢᠨᠢ ᠥᠮᠥᠭᠯᠡᠬᠦ ᠬᠡᠨ ᠴᠤ ᠠᠯᠠᠭ᠎ᠠ ᠶᠠᠷ᠎ᠠ ᠳᠤ ᠴᠢᠨᠢ ᠡᠮ ᠴᠤ ᠦᠭᠡᠢ᠂ ᠡᠷᠡᠭᠦᠯᠵᠢᠯ ᠴᠤ ᠦᠭᠡᠢ᠃
14 ᠪᠦᠬᠦ ᠠᠮᠠᠷᠠᠭ ᠴᠢᠨᠢ ᠴᠢᠮᠠᠶᠢ ᠮᠠᠷᠲᠠᠵᠤ ᠬᠠᠢᠬᠤ ᠪᠠᠨ ᠴᠤ ᠪᠣᠯᠢᠨ᠎ᠠ ᠪᠤᠷᠤᠭᠤ ᠴᠢᠨᠢ ᠶᠡᠬᠡ᠂ ᠭᠡᠮ ᠴᠢᠨᠢ ᠣᠯᠠᠨ ᠪᠣᠯᠬᠣᠷ ᠪᠢ ᠴᠢᠮᠠᠶᠢ ᠳᠠᠢᠰᠤᠨ ᠤ ᠴᠣᠬᠢᠯᠲᠠ ᠪᠠᠷ ᠳᠣᠭᠰᠢᠨ ᠨᠢᠭᠡᠨ ᠦ ᠰᠢᠳᠬᠡᠯ ᠢᠶᠡᠷ ᠴᠣᠬᠢᠭᠰᠠᠨ ᠪᠢᠯᠡ᠂
15 ᠰᠢᠷᠬ᠎ᠠ ᠪᠠ ᠡᠪᠡᠳᠦᠯᠲᠡ ᠴᠢᠨᠢ ᠡᠳᠡᠭᠡᠷᠡᠰᠢ ᠦᠭᠡᠢ ᠪᠠᠢᠬᠤ ᠳᠤ ᠴᠢ ᠬᠠᠰᠬᠢᠷᠤᠭᠠᠳ ᠶᠠᠭᠠᠬᠢᠬᠤ ᠶᠤᠮ ᠪᠤᠢ︖ ᠪᠤᠷᠤᠭᠤ ᠴᠢᠨᠢ ᠶᠡᠬᠡ᠂ ᠭᠡᠮ ᠴᠢᠨᠢ ᠣᠯᠠᠨ ᠪᠣᠯᠬᠣᠷ ᠪᠢ ᠴᠢᠮ᠎ᠠ ᠳᠤ ᠡᠳᠡᠭᠡᠷ ᠢ ᠤᠴᠠᠷᠠᠭᠤᠯᠤᠭᠰᠠᠨ ᠪᠢᠯᠡ᠃
16 ᠬᠠᠷᠢᠨ ᠴᠢᠮᠠᠶᠢ ᠵᠠᠯᠭᠢᠬᠤ ᠪᠦᠬᠦᠨ ᠵᠠᠯᠭᠢᠭᠳᠠᠵᠤ ᠴᠢᠮᠠᠶᠢ ᠳᠠᠢᠰᠤᠩᠨᠠᠭᠴᠢ ᠪᠦᠷᠢ ᠴᠥᠯᠡᠭᠳᠡᠨ ᠴᠢᠮᠠᠶᠢ ᠲᠣᠨᠣᠭᠴᠢᠳ ᠲᠣᠨᠣᠭᠤᠯᠵᠤ᠂ ᠴᠢᠮ᠎ᠠ ᠠᠴᠠ ᠣᠯᠵᠠ ᠣᠯᠣᠭᠴᠢ ᠪᠦᠷᠢ ᠶᠢ ᠪᠢ ᠣᠯᠵᠠ ᠪᠣᠯᠭᠠᠨ᠎ᠠ᠃
17 ᠶᠣᠬᠣᠸᠠ ᠠᠢᠯᠠᠳᠴᠤ ᠪᠠᠢᠨ᠎ᠠ᠃ ᠬᠥᠮᠦᠰ ᠴᠢᠮᠠᠶᠢ ᠬᠠᠶᠠᠭᠳᠠᠭᠰᠠᠨ ᠡᠮᠡᠭᠲᠡᠢ ᠬᠡᠨ ᠴᠤ ᠬᠠᠢᠬᠤᠷᠬᠤ ᠦᠭᠡᠢ ᠽᠢᠶᠣᠨ ᠭᠡᠰᠡᠨ ᠴᠤ ᠪᠢ ᠴᠢᠮᠠᠶᠢ ᠰᠡᠷᠭᠦᠭᠡᠨ ᠰᠢᠷᠬ᠎ᠠ ᠶᠢ ᠴᠢᠨᠢ ᠡᠳᠡᠭᠡᠭᠡᠨ᠎ᠡ᠂〉
18 ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠴᠥᠯᠡᠭᠳᠡᠭᠰᠡᠳ ᠢ ᠶᠠᠺᠣᠪ ᠤᠨ ᠮᠠᠢᠬᠠᠨ ᠨᠤᠭᠤᠳ ᠤᠷᠤᠭᠤ ᠪᠤᠴᠠᠭᠠᠵᠤ ᠰᠠᠭᠤᠬᠤ ᠭᠠᠵᠠᠷ ᠤᠳ ᠲᠤᠨᠢ ᠥᠷᠥᠰᠢᠶᠡᠯ ᠦᠵᠡᠭᠦᠯᠦᠨ᠎ᠡ ᠪᠠᠭᠤᠷᠢ ᠳᠡᠭᠡᠷ᠎ᠡ ᠨᠢ ᠬᠣᠲᠠ ᠳᠠᠬᠢᠨ ᠪᠠᠷᠢᠭᠳᠠᠵᠤ ᠤᠤᠯ ᠤᠨ ᠭᠠᠵᠠᠷ ᠲᠤᠨᠢ ᠣᠷᠳᠣᠨ ᠪᠣᠰᠬᠠᠭᠳᠠᠬᠤ ᠪᠣᠯᠣᠨ᠎ᠠ᠃
19 ᠲᠠᠯᠠᠷᠬᠠᠯ ᠤᠨ ᠳᠠᠭᠤᠯᠠᠯ᠂ ᠢᠨᠢᠶᠡᠳᠦ ᠬᠥᠷ ᠦᠨ ᠴᠢᠮᠡᠭᠡ ᠲᠡᠨᠳᠡ ᠡᠴᠡ ᠭᠠᠷᠤᠨ᠎ᠠ ᠪᠢ ᠲᠡᠳᠡᠨ ᠢ ᠣᠯᠠᠰᠢᠷᠠᠭᠤᠯᠵᠤ᠂ ᠲᠡᠳᠡ ᠴᠥᠭᠡᠷᠡᠬᠦ ᠦᠭᠡᠢ ᠪᠢ ᠲᠡᠳᠡᠨ ᠢ ᠡᠷᠭᠦᠮᠵᠢᠯᠡᠵᠦ᠂ ᠲᠡᠳᠡ ᠳᠣᠣᠷᠠᠰᠢᠶᠠᠭᠳᠠᠬᠤ ᠦᠭᠡᠢ᠃
20 ᠲᠡᠳᠡᠨ ᠦ ᠬᠡᠦᠬᠡᠳ ᠤᠳ ᠤᠤᠯ ᠤᠨ ᠬᠢ ᠰᠢᠭ᠋ ᠢᠶᠠᠨ ᠪᠠᠢᠵᠤ ᠲᠡᠳᠡᠨ ᠦ ᠴᠢᠭᠤᠯᠭᠠᠨ ᠮᠢᠨᠦ ᠡᠮᠦᠨ᠎ᠡ ᠪᠠᠲᠤᠵᠢᠬᠤ ᠪᠥᠭᠡᠳ ᠲᠡᠳᠡᠨ ᠢ ᠳᠠᠷᠤᠯᠠᠭᠴᠢ ᠪᠦᠭᠦᠳᠡ ᠶᠢ ᠪᠢ ᠰᠢᠳᠬᠡᠨ᠎ᠡ᠃
21 ᠲᠡᠳᠡᠨ ᠦ ᠤᠳᠤᠷᠢᠳᠤᠭᠴᠢ ᠨᠢ ᠥᠪᠡᠷᠰᠡᠳ ᠡᠴᠡ ᠨᠢ ᠭᠠᠷᠤᠯ ᠲᠠᠢ ᠲᠡᠳᠡᠨ ᠦ ᠵᠠᠬᠢᠷᠤᠭᠴᠢ ᠥᠪᠡᠷᠰᠡᠳ ᠦᠨ ᠬᠢᠨᠢ ᠳᠤᠮᠳᠠ ᠠᠴᠠ ᠭᠠᠷᠤᠨ᠎ᠠ ᠪᠢ ᠲᠡᠭᠦᠨ ᠢ ᠣᠢᠷᠠᠲᠤᠭᠤᠯᠵᠤ᠂ ᠲᠡᠷᠡ ᠨᠠᠳᠠ ᠤᠷᠤᠭᠤ ᠣᠢᠷᠠᠲᠤᠵᠤ ᠢᠷᠡᠨ᠎ᠡ ᠡᠰᠡ ᠪᠥᠭᠡᠰᠦ ᠬᠡᠨ ᠨᠠᠳᠠ ᠤᠷᠤᠭᠤ ᠣᠢᠷᠠᠲᠤᠬᠤ ᠪᠠᠷ ᠵᠢᠷᠦᠬᠡᠯᠡᠬᠦ ᠪᠢᠯᠡ︖〉 ᠶᠣᠬᠣᠸᠠ ᠠᠢᠯᠠᠳᠴᠤ ᠪᠠᠢᠨ᠎ᠠ᠃
22 ᠲᠡᠢᠨ ᠬᠦ 〈ᠲᠠ ᠨᠠᠷ ᠮᠢᠨᠦ ᠠᠷᠠᠳ ᠲᠦᠮᠡᠨ ᠪᠢ ᠲᠠ ᠨᠠᠷ ᠤᠨ ᠪᠤᠷᠬᠠᠨ ᠪᠣᠯᠣᠨ᠎ᠠ〉》 ᠭᠡᠪᠡ᠃
23 ᠬᠠᠷ᠎ᠠ᠂ ᠶᠣᠬᠣᠸᠠ ᠶᠢᠨ ᠠᠭᠤᠷ ᠬᠢᠯᠢᠩ ᠤᠨ ᠰᠢᠭᠤᠷᠭ᠎ᠠ ᠢᠷᠡᠵᠦ ᠪᠠᠢᠨ᠎ᠠ ᠬᠣᠷᠣᠨ ᠮᠠᠭᠤ ᠬᠥᠮᠦᠰ ᠦᠨ ᠲᠣᠯᠣᠭᠠᠢ ᠳᠡᠭᠡᠷ᠎ᠡ ᠬᠤᠢᠯᠠᠷᠠᠬᠤ ᠰᠢᠭᠤᠷᠭ᠎ᠠ ᠮᠡᠲᠦ ᠬᠤᠢᠯᠠᠷᠠᠨ ᠢᠷᠡᠨ᠎ᠡ᠃
24 ᠶᠣᠬᠣᠸᠠ ᠪᠢ ᠰᠠᠨᠠᠭ᠎ᠠ ᠵᠣᠷᠢᠯᠭ᠎ᠠ ᠪᠠᠨ ᠭᠦᠢᠴᠡᠳ ᠪᠡᠶᠡᠯᠡᠭᠦᠯᠬᠦ ᠡᠴᠡ ᠨᠠᠰᠢ ᠰᠢᠷᠦᠭᠦᠨ ᠠᠭᠤᠷ ᠬᠢᠯᠢᠩ ᠢᠶᠠᠨ ᠨᠠᠮᠳᠠᠭᠠᠬᠤ ᠦᠭᠡᠢ᠂ ᠰᠡᠭᠦᠯᠴᠢ ᠶᠢᠨ ᠡᠳᠦᠷ ᠤᠳ ᠲᠤ ᠲᠠ ᠨᠠᠷ ᠡᠭᠦᠨ ᠢ ᠣᠢᠯᠠᠭᠠᠨ᠎ᠠ᠃